• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠨᠠᠢᠮᠨ ᠄ ᠶᠤᠤᠴᠢᠨ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   37
  • ᠄   0
  • ᠄   0
  • ᠄  0

ᠬᠢᠲᠠᠳ ᠨᠡᠷ᠎ᠡ ᠶᠢᠨ ᠠᠪᠢᠶᠠᠯᠭ᠎ᠠ ᠃ ᠮᠣᠩᠭᠣᠯ ᠦᠨᠳᠦᠰᠦᠲᠡᠨ ᠦ ᠦᠯᠡᠮᠵᠢ ᠬᠡᠷᠡᠭᠯᠡᠳᠡᠭ ᠳᠡᠯᠡᠰᠴᠦ ᠴᠢᠪᠬᠠᠭᠳᠠᠬᠤ ᠲᠥᠷᠥᠯ ᠦᠨ ᠬᠥᠭᠵᠢᠮᠳᠡᠭᠦᠷ ᠃ ᠫᠧᠷᠰ ᠂ ᠠᠷᠠᠪ ᠠᠴᠠ ᠡᠭᠦᠰᠴᠦ ᠨᠠᠶᠢᠳᠠ ᠶᠢᠨ ᠣᠨ ᠲᠣᠭᠠᠯᠠᠯ ᠤᠨ 1600 ᠣᠨ ᠤ ᠪᠠᠷᠤᠭ ᠢᠶᠠᠷ ᠮᠠᠨ ᠤ ᠤᠯᠤᠰ ᠲᠤ ᠤᠯᠠᠮᠵᠢᠯᠠᠨ ᠢᠷᠡᠵᠦ ᠂ ᠤᠯᠠᠮ ᠢᠶᠠᠷ ᠮᠣᠩᠭᠣᠯ ᠦᠨᠳᠦᠰᠦᠲᠡᠨ ᠡᠵᠡᠮᠰᠢᠵᠦ ᠬᠡᠷᠡᠭᠡᠯᠡᠬᠦ ᠪᠣᠯᠤᠭᠰᠠᠨ ᠂ ᠶᠡᠬᠡ ᠪᠠᠭ᠎ᠠ ᠶᠢᠨ ᠠᠳᠠᠯᠢ ᠪᠤᠰᠤ ᠬᠡᠯᠪᠡᠷᠢ ᠪᠡᠷ ᠬᠣᠶᠠᠷ ᠮᠥᠷ ᠲᠡᠪᠬᠡ ᠶᠢᠨ ᠭᠤᠷᠪᠠᠨ ᠮᠥᠷ ᠲᠡᠪᠬᠡ ᠶᠢᠨ ᠂ ᠳᠥᠷᠪᠡᠨ ᠮᠥᠷ ᠲᠡᠪᠬᠡ ᠶᠢᠨ ᠭᠡᠵᠦ ᠪᠠᠶᠢᠭᠠᠳ ᠣᠯᠠᠨ ᠤᠲᠠᠰᠤ ᠶᠢ  ᠨᠢ ᠵᠢᠵᠢᠭ ᠬᠣᠣᠰ ᠴᠣᠬᠢᠭᠤᠷ ᠢᠶᠠᠷ ᠴᠣᠬᠢᠬᠤ ᠳᠤ ᠭᠤᠷᠪᠠ ᠠᠴᠠ ᠳᠥᠷᠪᠡᠨ ᠨᠠᠢᠮᠠᠴᠠ ᠶᠢᠨ ᠥᠷᠭᠡᠨ ᠬᠡᠪᠴᠢᠶᠡᠨ ᠦ ᠠᠶᠠᠰ ᠢ ᠬᠥᠭᠵᠢᠮᠳᠡᠨ ᠭᠠᠷᠭᠠᠵᠤ ᠪᠣᠯᠤᠨ᠎ᠠ ᠃ ᠴᠢᠪᠬᠠᠳᠠᠰᠤᠲᠤ ᠴᠠᠬᠢᠭᠤᠷᠲᠤ ᠬᠥᠭᠵᠢᠮ ᠦᠨ ᠵᠢᠮᠰᠡᠭ ᠪᠣᠯ ᠶᠣᠣᠴᠢᠨ ᠮᠥᠨ ᠃ ᠴᠣᠬᠢᠭᠤᠷ  ᠨᠢ ᠬᠣᠶᠠᠷ ᠬᠤᠯᠤᠰᠤᠨ ᠰᠠᠪᠬ᠎ᠠ ᠪᠠᠶᠢᠳᠠᠭ ᠃ ᠶᠣᠣᠴᠢᠨ ᠪᠣᠯ ᠤᠶᠢᠭᠤᠷ ᠢᠶᠠᠷ ᠳᠠᠮᠵᠢᠭᠤᠯᠤᠨ ᠳᠤᠮᠳᠠᠳᠤ ᠠᠽᠢᠶ᠎ᠠ ᠠᠴᠠ ᠠᠪᠤᠭᠰᠠᠨ ᠬᠥᠭᠵᠢᠮ ᠦᠨ ᠵᠢᠮᠰᠡᠭ ᠪᠢᠯᠡ ᠃ ᠶᠣᠣᠴᠢᠨ ᠭᠡᠳᠡᠭ ᠨᠡᠷ᠎ᠡ ᠪᠢᠪᠢᠯᠢᠭ ᠭᠡᠳᠡᠭ ᠥᠭᠡᠷ᠎ᠡ ᠨᠢᠭᠡ ᠨᠤᠮᠤᠲᠤ ᠴᠢᠪᠬᠠᠳᠠᠰᠤᠲᠤ ᠬᠥᠭᠵᠢᠮ ᠦᠨ ᠵᠢᠮᠰᠡᠭ ᠢ ᠬᠢᠲᠠᠳ ᠢᠶᠠᠷ ︽ ᠶᠤᠸᠠᠢ ᠴᠢᠨ  ᠰᠠᠷᠠᠨ ᠬᠤᠭᠤᠷ ︾ ᠭᠡᠵᠦ ᠨᠡᠷᠡᠯᠡᠳᠡᠭ ᠡᠴᠡ ᠰᠢᠯᠵᠢᠵᠦ ᠰᠤᠨᠵᠢᠷᠠᠭᠰᠠᠨ ᠨᠡᠷ᠎ᠡ ᠃ ᠤᠭ ᠲᠠᠭᠠᠨ ᠮᠣᠩᠭᠣᠯ ᠢᠶᠠᠷ ᠶᠠᠩᠴᠢᠷ ᠭᠡᠳᠡᠭ ᠃ ᠮᠠᠨ ᠤ ᠠᠷᠠᠳ ᠤᠨ ᠬᠥᠭᠵᠢᠮ ᠳᠦ ᠶᠠᠩᠴᠢᠷ ᠢ ᠭᠣᠴᠣᠯᠠᠯ ᠂ ᠴᠢᠭᠤᠯᠬᠤ᠂ ᠯᠢᠩᠪᠦ ᠂ ᠬᠥᠭᠡᠮᠡᠢ ᠶᠢᠨ ᠬᠠᠮᠰᠠᠭ᠎ᠠ ᠂ ᠨᠠᠶᠢᠷᠠᠯ ᠬᠥᠭᠵᠢᠮ ᠦᠨ ᠪᠦᠷᠢᠯᠳᠦᠬᠦᠨ ᠳᠦ ᠣᠷᠣᠭᠤᠯᠵᠤ ᠬᠡᠷᠡᠭᠯᠡᠳᠡᠭ ᠃

51

ᠮᠥᠴᠢᠷ ᠦᠨ ᠠᠶᠠᠯᠭᠤ

ᠮᠥᠴᠢᠷ 1981 ᠣᠨ ᠤ 10 ᠰᠠᠷ᠎ᠠ ᠳᠤ ᠠᠷᠤ ᠬᠣᠷᠴᠢᠨ ᠬᠣᠰᠢᠭᠤᠨ ᠤ ᠠᠯᠳᠠᠷᠲᠤ ᠤᠷᠠᠯᠢᠭᠴᠢᠨ ᠪᠤᠶᠠᠨ ᠦᠯᠵᠢ  ᠶᠢᠨ ᠬᠡᠷ ᠲᠦ ᠵᠠᠶᠠᠭᠠᠵᠠᠢ ᠂ ᠡᠪ ᠬᠠᠮᠲᠤ ᠨᠠᠮ ᠤᠨ ᠭᠡᠰᠢᠭᠦᠨ ᠂ ᠥᠪᠥᠷ ᠮᠣᠩᠭᠣᠯ ᠤᠨ ᠳᠠᠭᠤᠤ ᠬᠥᠭᠵᠢᠮ ᠦᠨ ᠨᠡᠶᠢᠭᠡᠮᠯᠢᠭ  ᠦᠨ ᠭᠡᠰᠢᠭᠦᠨ ᠂ ᠳᠤᠮᠳᠠᠳᠤ ᠤᠯᠤᠰ ᠤᠨ ᠤᠲᠠᠰᠤᠲᠤ ᠬᠥᠭᠵᠢᠮ ᠦᠨ ᠬᠤᠷᠠᠯ ᠤᠨ ᠶᠣᠣᠴᠢᠨ ᠤ ᠵᠥᠪᠯᠡᠯ ᠦᠨ ᠭᠡᠰᠢᠭᠦᠨ ; ᠠᠰᠫᠢᠷᠠᠨᠲ ᠤᠨ ᠴᠣᠯᠠ ᠲᠠᠢ ᠃ ᠣᠳᠣ ᠳᠤ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠳᠡᠭᠡᠳᠦ ᠰᠤᠷᠭᠠᠭᠤᠯᠢ ᠶᠢᠨ ᠶᠣᠣᠴᠢᠨ ᠤ ᠲᠤᠰᠬᠠᠢ ᠮᠡᠷᠭᠡᠵᠢᠯ ᠦᠨ ᠪᠠᠭᠰᠢ ᠪᠠᠷ ᠠᠵᠢᠯᠯᠠᠵᠤ ᠪᠤᠢ ᠃

2000 ᠣᠨ ᠤ 11 ᠰᠠᠷ᠎ᠠ ᠳᠤ ᠪᠦᠬᠦ ᠣᠷᠣᠨ ᠤ ᠬᠣᠶᠠᠳᠤᠭᠠᠷ ᠤᠳᠠᠭᠠᠨ ᠤ ᠬᠡᠷ ᠳᠣᠲᠣᠨᠠᠬᠢ ᠬᠥᠭᠵᠢᠮ ᠦᠨ ᠤᠷᠤᠯᠳᠤᠭᠠᠨ ᠳᠤ ᠮᠥᠩᠭᠥᠨ ᠮᠧᠳᠠᠯ ᠬᠦᠷᠲᠡᠵᠡᠢ᠃

2004 ᠣᠨ ᠤ 12 ᠰᠠᠷ᠎ᠠ ᠳᠤ ᠪᠦᠬᠦ ᠣᠷᠣᠨ ᠤ ᠠᠩᠬᠠᠳᠤᠭᠠᠷ ᠤᠳᠠᠭᠠᠨ ᠤ ᠦᠨᠳᠦᠰᠦᠲᠡᠨ ᠦ ᠬᠥᠭᠵᠢᠮ ᠦᠨ ᠤᠷᠤᠯᠳᠤᠭᠠᠨ ᠳᠤ ᠠᠯᠲᠠᠨ ᠮᠧᠳᠠᠯ ᠬᠦᠷᠲᠡᠵᠡᠢ ᠃

2007 ᠣᠨ ᠤ 10 ᠰᠠᠷ᠎ᠠ ᠳᠤ ᠭᠤᠷᠪᠠᠳᠤᠭᠠᠷ ᠤᠳᠠᠭᠠᠨ ᠤ ᠪᠦᠬᠦ ᠣᠷᠣᠨ ᠤ ᠬᠡᠷ ᠳᠣᠲᠣᠨᠠᠬᠢ ᠬᠥᠭᠵᠢᠮ ᠦᠨ ᠤᠷᠤᠯᠳᠤᠭᠠᠨ ᠳᠤ ᠠᠯᠲᠠᠨ ᠮᠧᠳᠠᠯ ᠬᠦᠷᠲᠡᠵᠡᠢ ᠃

2008 ᠣᠨ ᠤ 8 ᠰᠠᠷ᠎ᠠ ᠳᠤ ᠰᠣᠶᠣᠯ ᠤᠨ ᠶᠠᠮᠤᠨ ᠠᠴᠠ ᠡᠷᠬᠢᠯᠡᠭᠰᠡᠨ ᠪᠦᠬᠦ ᠤᠯᠤᠰ ᠤᠨ ᠦᠨᠳᠦᠰᠦᠲᠡᠨ ᠦ ᠬᠥᠭᠵᠢᠮ ᠦᠨ ᠤᠷᠤᠯᠳᠤᠭᠠᠨ ᠳᠤ ᠭᠠᠤᠯᠢ ᠶᠢᠨ ᠮᠧᠳᠠᠯ ᠬᠦᠷᠲᠡᠵᠡᠢ ᠃

2010 ᠣᠨ ᠤ 9 ᠰᠠᠷ᠎ᠠ ᠳᠤ ᠳᠤᠮᠳᠠᠳᠤ ᠤᠯᠤᠰ ᠤᠨ ᠠᠩᠬᠠᠳᠤᠭᠠᠷ ᠤᠳᠠᠭᠠᠨ ᠤ ᠠᠰᠠᠷ ᠳᠠᠭᠤᠤ ᠬᠥᠭᠵᠢᠮ ᠦᠨ ᠲᠣᠭᠯᠠᠯᠲᠠ ᠶᠢᠨ ᠦᠵᠡᠭᠦᠯᠦᠯᠭᠡ ᠳᠦ ᠮᠥᠩᠭᠥᠨ ᠮᠧᠳᠠᠯ ᠬᠦᠷᠲᠡᠵᠡᠢ ᠃

2011 ᠣᠨ ᠤ 10 ᠰᠠᠷ᠎ᠠ ᠳᠤ ᠳᠥᠷᠪᠡᠳᠦᠭᠡᠷ ᠤᠳᠠᠭᠠᠨ ᠤ ᠬᠡᠷ ᠳᠣᠲᠣᠨᠠᠬᠢ ᠬᠥᠭᠵᠢᠮ ᠦᠨ ᠤᠷᠤᠯᠳᠤᠭᠠᠨ ᠳᠤ ᠭᠣᠴᠣᠯᠠᠯ ᠬᠥᠭᠵᠢᠮ ᠦᠨ ᠠᠯᠲᠠᠨ ᠮᠧᠳᠠᠯ ᠬᠦᠷᠲᠡᠵᠡᠢ ᠃

2012 ᠣᠨ ᠤ 7 ᠰᠠᠷ᠎ᠠ ᠳᠤ ᠭᠤᠷᠪᠠᠳᠤᠭᠠᠷ ᠤᠳᠠᠭᠠᠨ ᠤ ᠳᠤᠮᠳᠠᠳᠤ ᠤᠯᠤᠰ ᠤᠨ ᠦᠨᠳᠦᠰᠦᠲᠡᠨ ᠦ ᠬᠥᠭᠵᠢᠮ ᠦᠨ ᠤᠷᠤᠯᠳᠤᠭᠠᠨ ᠳᠤ ᠭᠠᠤᠯᠢ ᠶᠢᠨ ᠮᠧᠳᠠᠯ ᠬᠦᠷᠲᠡᠪᠡ ᠃

ᠲᠡᠷᠡ ᠪᠠᠰᠠ 《 ᠶᠣᠣᠴᠢᠨ ᠤ ᠨᠠᠶᠢᠷᠠᠯ ᠬᠥᠭᠵᠢᠮ ᠳᠤᠮᠳᠠᠬᠢ ᠬᠥᠭᠵᠢᠮᠳᠡᠬᠦ ᠤᠷ᠎ᠠ ᠮᠡᠷᠭᠡᠵᠢᠯ ᠬᠢᠭᠡᠳ ᠦᠢᠯᠡᠳᠦᠯ ᠦᠨ ᠲᠤᠬᠠᠢ ᠥᠭᠦᠯᠡᠬᠦ  ᠨᠢ 》 ᠭᠡᠬᠦ ᠥᠭᠦᠯᠡᠯ ( ᠥᠪᠥᠷ ᠮᠣᠩᠭᠣᠯ ᠤᠨ ᠤᠷᠠᠯᠢᠭ ) 2012 ᠣᠨ ᠤ ᠨᠢᠭᠡᠳᠦᠭᠡᠷ ᠬᠤᠭᠤᠴᠠᠭ᠎ᠠ ᠳᠤ ᠨᠡᠶᠢᠲᠡᠯᠡᠭᠳᠡᠪᠡ ᠃

52

 

ᠶᠤᠤᠴᠢᠨ

ᠶᠤᠤᠴᠢᠨ

ᠰᠢᠭᠦᠮᠵᠢ ᠦᠯᠡᠳᠡᠭᠡᠬᠦ