• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 2  1 ᠮᠤᠳᠤᠨ ᠴᠤᠭᠤᠷ  ᠤᠨ ᠡᠭᠦᠰᠦᠯ ᠢᠷᠡᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   47
  • ᠄   0
  • ᠄   0
  • ᠄  0

ᠮᠣᠳᠣᠨ ᠴᠤᠭᠤᠷ ᠪᠣᠯ ᠡᠷᠲᠡᠨ ᠦ ᠨᠡᠭᠦᠳᠡᠯᠴᠢᠨ ᠮᠣᠩᠭᠣᠯᠴᠤᠳ ᠤᠨ ᠠᠮᠢᠳᠤᠷᠠᠯ ᠳᠤᠮᠳᠠ ᠥᠷᠭᠡᠨ ᠢᠶᠡᠷ ᠬᠡᠷᠡᠭᠯᠡᠭᠳᠡᠵᠦ ᠳᠡᠯᠭᠡᠷᠡᠵᠦ ᠪᠠᠶᠢᠭᠰᠠᠨ ᠮᠣᠳᠣᠨ ᠬᠣᠩᠭᠢᠶ᠎ᠠ ᠪᠦᠬᠦᠢ ᠦᠯᠢᠶᠡᠪᠦᠷᠢ ᠬᠥᠭᠵᠢᠮ ᠶᠤᠮ ᠃ ᠡᠷᠲᠡᠨ ᠳᠡᠭᠡᠷ᠎ᠡ ᠮᠣᠩᠭᠣᠯᠴᠤᠳ ᠡᠨᠡᠬᠦ ᠬᠥᠭᠵᠢᠮ ᠢᠶᠡᠨ ᠮᠣᠷᠢᠨ ᠰᠡᠭᠦᠯ ᠳᠡᠭᠡᠨ ᠰᠤᠪᠢᠯᠠᠨ ᠤᠶᠠᠵᠤ ᠠᠪᠴᠤ ᠶᠠᠪᠤᠳᠠᠭ ᠂ ᠬᠡᠵᠢᠶ᠎ᠡ ᠶᠠᠮᠠᠷ ᠴᠠᠭ ᠦᠶ᠎ᠡ ᠳᠦ ᠴᠣ ᠬᠥᠭᠵᠢᠮᠳᠡᠳᠡᠭ ᠪᠥᠭᠡᠳ ᠵᠠᠷᠢᠮ ᠦᠶ᠎ᠡ  ᠳᠦ ᠳᠠᠶᠢᠨ ᠪᠠᠶᠢᠯᠳᠤᠭᠠᠨ ᠤ ᠳᠣᠬᠢᠶ᠎ᠠ ᠪᠣᠯᠭᠠᠨ ᠬᠡᠷᠡᠭᠯᠡᠳᠡᠭ ᠭᠡᠳᠡᠭ ᠶᠠᠷᠢᠶ᠎ᠠ ᠴᠣ ᠪᠤᠢ ᠃

ᠴᠢᠩ ᠤᠯᠤᠰ ᠤᠨ ᠲᠡᠦᠬᠡᠨ ᠨᠣᠣᠷᠠᠭ ︽ ᠯᠢ ᡁᠢ ᠪᠠ ︾ ᠳᠤ ᠢᠩᠭᠢᠵᠦ ᠲᠡᠮᠳᠡᠭᠡᠯᠡᠵᠢ ᠄

︽ ᠲᠠᠶᠢᠽᠤᠩ ᠴᠠᠬᠠᠷ ᠢ ᠲᠦᠪᠰᠢᠳᠬᠡᠬᠦᠢ ᠳᠦ᠋ᠷ ᠡᠨᠡᠬᠦ ᠬᠥᠭᠵᠢᠮᠳᠡᠭᠦᠷ ᠢ ᠣᠯᠵᠤ ᠂ ᠨᠠᠶᠢᠷ ᠤᠨ ᠬᠥᠭᠵᠢᠮ ᠳᠡᠭᠡᠨ ᠣᠷᠣᠭᠤᠯᠵᠤᠬᠤᠢ ︾ ᠭᠡᠪᠡ ᠃

ᠲᠡᠭᠦᠨ ᠦ ᠬᠡᠯᠪᠡᠷᠢ ᠬᠢᠭᠡᠳ ᠪᠦᠲᠦᠴᠡ ᠶᠢᠨ ᠲᠤᠬᠠᠢ ᠥᠭᠦᠯᠡᠬᠦ ᠳᠡᠭᠡᠨ ᠄

︽ ᠴᠤᠭᠤᠷ ᠤᠨ ᠮᠣᠳᠣᠨ ᠬᠣᠩᠭᠢᠶ᠎ᠠ ᠳᠤᠷ ᠭᠤᠷᠪᠠᠨ ᠨᠦᠬᠡ ᠪᠤᠢ ᠂ ᠬᠣᠶᠠᠷ ᠦᠵᠦᠭᠦᠷ ᠢᠨᠤ ᠡᠪᠡᠷ ᠢᠶᠡᠷ ᠬᠢᠭᠰᠡᠨ ᠪᠥᠭᠡᠳ ᠡᠷᠲᠡᠭᠡᠷ ᠂ ᠦᠯᠢᠶᠡᠬᠦ ᠠᠮᠠᠨ ᠠᠴᠠ ᠳᠣᠣᠷᠠᠲᠤ ᠦᠵᠦᠭᠦᠷ ᠬᠦᠷᠲᠡᠯ᠎ᠡ ᠪᠡᠨ ᠬᠣᠶᠠᠷ ᠲᠣᠬᠣᠢ ᠭᠤᠷᠪᠠᠨ ᠢᠮᠠᠬᠤ ᠶᠢᠰᠦᠨ ᠹᠦᠨ ᠵᠢᠷᠭᠤᠭᠠᠨ ᠯᠢ ᠤᠷᠲᠤ ᠠᠵᠤᠭᠤ ︾ ᠃

ᠲᠠᠶᠢᠽᠤᠩ ᠬᠤᠸᠠᠩ ᠲᠠᠶᠢᠽᠢ ᠴᠠᠬᠠᠷ ᠢ ᠲᠦᠪᠰᠢᠳᠬᠡᠭᠰᠡᠨ ᠭᠡᠭᠴᠢ  ᠨᠢ ᠲᠠᠶᠢᠽᠤᠩ ᠬᠠᠭᠠᠨ ᠤ ᠵᠢᠷᠭᠤᠳᠤᠭᠠᠷ ᠣᠨ ᠂ ᠳᠠᠷᠤᠢ ᠨᠠᠶᠢᠳᠠ ᠶᠢᠨ ᠣᠨ ᠲᠣᠭᠠᠯᠠᠯ ᠤᠨ 1634 ᠣᠨ ᠤ ᠤᠴᠢᠷ ᠪᠣᠯᠤᠨ᠎ᠠ ᠃ ᠬᠣᠷᠢᠳᠤᠭᠠᠷ ᠵᠠᠭᠤᠨ ᠤ ᠭᠤᠴᠢᠭᠠᠳ ᠣᠨ ᠳᠤ ᠂ ᠶᠠᠫᠣᠨ ᠤ ᠨᠢᠭᠡᠨ ᠠᠷᠠᠳ ᠤᠨ ᠵᠠᠩᠰᠢᠯ ᠤᠨ ᠰᠤᠳᠤᠯᠭᠠᠲᠠᠨ ᠥᠪᠥᠷ ᠮᠣᠩᠭᠣᠯ ᠣᠷᠣᠨ ᠳᠤ ᠢᠷᠡᠵᠦ ᠪᠠᠶᠢᠴᠠᠭᠠᠨ ᠰᠤᠳᠤᠯᠵᠤ ᠪᠠᠶᠢᠬᠤ ᠳᠠᠭᠠᠨ ᠬᠠᠷᠠᠴᠢᠨ ᠸᠠᠩ ᠤᠨ ᠣᠷᠳᠣᠨ ᠤ ᠬᠥᠭᠵᠢᠮ ᠦᠨ ᠠᠩᠭᠢ ᠠᠴᠠ ︽ ᠮᠣᠳᠣᠨ ᠴᠤᠭᠤᠷ ︾ ᠢ ᠦᠵᠡᠵᠦ ᠥᠩᠭᠡᠷᠡᠭᠰᠡᠨ ᠢ ᠲᠡᠮᠳᠡᠭᠡᠯᠡᠵᠡᠢ ᠃

︽ ᠴᠤᠭᠤᠷ  ᠨᠢ ᠬᠤᠯᠤᠰᠤ ᠪᠠᠷ ᠬᠢᠵᠦ ᠳᠣᠣᠷᠠᠲᠤ ᠦᠵᠦᠭᠦᠷ ᠲᠦ᠋ᠨᠢ ᠦᠬᠡᠷ ᠦᠨ ᠡᠪᠡᠷ ᠲᠠᠭᠠᠷᠠᠭᠤᠯᠵᠤ ᠳᠡᠭᠡᠳᠦ ᠦᠵᠦᠭᠦᠷ ᠦᠨ ᠦᠯᠢᠶᠡᠬᠦ ᠠᠮᠠᠰᠠᠷ ᠢ  ᠨᠢ ᠵᠡᠰ ᠢᠶᠡᠷ ᠣᠷᠢᠶᠠᠵᠤ ᠬᠣᠶᠠᠷᠬᠠᠨ ᠨᠦᠬᠡ ᠲᠡᠢ ᠂ ᠦᠯᠢᠶᠡᠨ ᠬᠥᠭᠵᠢᠮᠳᠡᠬᠦ ᠳᠡᠭᠡᠨ ᠳᠡᠭᠡᠳᠦ ᠦᠵᠦᠭᠦᠷ ᠢ  ᠨᠢ ᠠᠮᠠᠨ ᠳᠠᠭᠠᠨ ᠡᠮᠬᠦᠭᠡᠳ ᠂ ᠦᠬᠡᠷ ᠦᠨ ᠡᠪᠡᠷ ᠳᠠᠭᠠᠷᠠᠭᠤᠯᠤᠭᠰᠠᠨ ᠳᠣᠣᠷᠠᠲᠤ ᠦᠵᠦᠭᠦᠷ ᠢ  ᠨᠢ ᠵᠡᠭᠦᠨᠰᠢ ᠵᠢᠰᠢᠭᠦᠯᠦᠨ ᠬᠤᠷᠤᠭᠤ ᠪᠠᠷ ᠢᠶᠠᠨ ᠨᠦᠬᠡ ᠶᠢ  ᠨᠢ ᠳᠠᠷᠤᠵᠤ ᠠᠶᠠᠯᠭᠤ ᠡᠭᠦᠰᠬᠡᠳᠡᠭ ᠃ ᠲᠠᠭᠤᠨ ᠥᠩᠭᠡ  ᠨᠢ ᠶᠠᠭ ᠦᠬᠡᠷ ᠮᠥᠭᠡᠷᠡᠴᠦ ᠪᠠᠶᠢᠭ᠎ᠠ ᠰᠢᠭ᠍ ᠭᠡᠵᠡᠢ ᠃

ᠡᠷᠲᠡᠨ ᠡᠴᠡ ᠡᠳᠦᠭᠡ ᠬᠦᠷᠲᠡᠯᠡᠬᠢ ᠲᠡᠦᠬᠡᠲᠦ ᠮᠠᠲ᠋ᠧᠷᠢᠶᠠᠯ ᠠᠴᠠ ᠴᠤᠭᠤᠷ  ᠨᠢ ᠬᠡᠳᠦᠶᠢᠪᠡᠷ ᠭᠡᠭᠡᠭᠳᠡᠭᠰᠡᠨ ᠪᠣᠯᠪᠠᠴᠤ ᠣᠷᠴᠢᠨ ᠦᠶ᠎ᠡ ᠪᠣᠯᠲᠠᠯ᠎ᠠ ᠥᠪᠥᠷ ᠮᠣᠩᠭᠣᠯ ᠣᠷᠣᠨ ᠳᠤ ᠪᠡᠶ᠎ᠡ  ᠨᠢ ᠦᠯᠡᠳᠡᠵᠦ ᠪᠠᠶᠢᠭᠰᠠᠨ ᠪᠥᠭᠡᠳ ᠭᠡᠭᠡᠭᠳᠡᠭᠰᠡᠨ ᠶᠠᠪᠤᠳᠠᠯ  ᠨᠢ ᠣᠶᠢᠷ᠎ᠠ ᠶᠢᠨ ᠲᠠᠪᠢ ᠵᠢᠷᠠᠨ ᠵᠢᠯ ᠦᠨ ᠤᠴᠢᠷ ᠪᠣᠯᠬᠤ ᠶᠢ ᠨᠤᠲᠠᠯᠠᠵᠤ ᠪᠣᠯᠤᠨ᠎ᠠ ᠃

ᠮᠣᠳᠣᠨ ᠴᠤᠭᠤᠷ ᠢᠶᠠᠷ ᠲᠠᠭᠤᠨ ᠡᠭᠦᠰᠬᠡᠬᠦ ᠳᠦ ᠬᠥᠮᠦᠨ ᠦ ᠲᠠᠭᠤᠨ ᠬᠣᠭᠣᠯᠠᠢ ( ᠬᠣᠭᠣᠯᠠᠢ ᠶᠢᠨ ᠴᠤᠭᠤᠷ ) ᠢᠶᠠᠷ ᠭᠣᠣᠯ ᠠᠶᠠᠰ ᠤᠨ ᠦᠷᠭᠦᠯᠵᠢᠯᠡᠭᠰᠡᠨ ᠳᠣᠣᠷᠠᠲᠤ ᠰᠠᠭᠤᠷᠢ ᠡᠭᠡᠰᠢᠭ ᠢ ᠭᠠᠷᠭᠠᠵᠤ ᠬᠠᠮᠲᠤ ᠳᠤᠨᠢ ᠴᠤᠭᠤᠷ ᠢᠶᠠᠨ ᠦᠯᠢᠶᠡᠭᠡᠳ ᠬᠣᠣᠰ ᠪᠦᠷᠢᠯᠳᠦᠬᠦᠨᠲᠦ ᠠᠶᠠᠰ ᠢ ᠡᠭᠦᠰᠬᠡᠨ᠎ᠡ ᠃ ᠬᠣᠭᠣᠯᠠᠢ ᠶᠢᠨ ᠴᠤᠭᠤᠷ ᠤᠨ ᠦᠷᠭᠦᠯᠵᠢᠯᠡᠨ ᠭᠠᠷᠭᠠᠬᠤ ᠳᠣᠣᠷᠠᠲᠤ ᠰᠠᠭᠤᠷᠢ ᠡᠭᠡᠰᠢᠭ  ᠨᠢ ᠮᠣᠳᠣᠨ ᠴᠤᠭᠤᠷ ᠤᠨ ᠠᠶᠠᠰ ᠲᠠᠢ ᠨᠡᠶᠢᠯᠡᠭᠡᠳ ᠣᠨᠴᠠ ᠶᠢᠨ ᠬᠡᠪ ᠨᠠᠮᠪᠠ ᠶᠢ ᠪᠦᠷᠢᠯᠳᠦᠭᠦᠯᠵᠡᠢ ᠃

ᠴᠤᠭᠤᠷ ᠤᠨ ᠡᠭᠡᠰᠢᠭ  ᠨᠢ ᠰᠣᠨᠢᠨ ᠭᠠᠶᠢᠬᠠᠮᠰᠢᠭ ᠰᠣᠨᠣᠰᠳᠠᠵᠤ ᠂ ᠬᠡᠰᠡᠭ ᠲᠡᠭᠡᠨ ᠴᠡᠪᠡᠷ ᠲᠣᠳᠣ ᠪᠠᠶᠢᠵᠤ ᠬᠡᠰᠡᠭ ᠲᠡᠭᠡᠨ ᠨᠢᠭᠡᠨ ᠵᠦᠢᠯ ᠦᠨ ᠥᠨᠥᠴᠢᠷᠡᠵᠦ ᠭᠠᠭᠴᠠᠭᠠᠷᠳᠠᠭᠰᠠᠨ ᠤᠶᠠᠷᠠᠯᠲᠠᠢ ᠰᠡᠳᠬᠢᠭᠳᠡᠯ ᠳᠦᠷᠦᠭᠦᠯᠦᠨ᠎ᠡ ᠃ ᠪᠠᠶᠢᠭᠠᠯᠢ ᠶᠢᠷᠲᠢᠨᠴᠦ ᠶᠢᠨ ᠠᠭᠤᠯᠠ ᠤᠰᠤ ᠂ ᠠᠷᠢᠶᠠᠲᠠᠨ ᠵᠢᠭᠦᠷᠲᠡᠨ ᠠᠳᠤᠭᠤ ᠮᠠᠯ ᠵᠡᠷᠭᠡ ᠶᠢ ᠵᠢᠷᠤᠭᠯᠠᠨ ᠳᠦᠷᠰᠦᠯᠡᠳᠡᠭ  ᠨᠢ ᠠᠭᠤᠯᠭ᠎ᠠ ᠶᠢᠨ ᠬᠢᠨᠢ ᠭᠣᠣᠯᠳᠠᠯᠭ᠎ᠠ ᠪᠣᠯᠤᠨ᠎ᠠ ᠃

ᠮᠣᠳᠣᠨ ᠴᠤᠭᠤᠷ ᠤᠨ ᠠᠶ᠎ᠠ  ᠨᠢ ᠥᠨᠢ ᠤᠳᠠᠭᠠᠨ ᠣᠨ ᠤ ᠲᠡᠦᠬᠡ ᠲᠡᠢ ᠪᠡᠷ ᠦᠯᠦ ᠪᠠᠷᠠᠨ ᠡᠷᠲᠡᠨ ᠦ ᠤᠯᠠ ᠮᠥᠷ ᠢ ᠭᠦᠢᠴᠡᠳ ᠬᠠᠳᠠᠭᠠᠯᠠᠭᠰᠠᠨ ᠲᠡᠦᠬᠡ ᠶᠢᠨ ᠦᠨ᠎ᠡ ᠥᠷᠲᠡᠭ ᠲᠡᠢ ᠪᠣᠯᠬᠤ ᠶᠢ ᠢᠯᠡᠷᠡᠭᠦᠯᠵᠦ ᠪᠣᠯᠤᠨ᠎ᠠ ᠃

ᠮᠤᠳᠤᠨ ᠴᠤᠭᠤᠷ

ᠰᠢᠭᠦᠮᠵᠢ ᠦᠯᠡᠳᠡᠭᠡᠬᠦ