• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 3  1 ᠴᠤᠭᠤᠷ  ᠤᠨ ᠳᠠᠭᠤᠤ  ᠶᠢᠨ ᠡᠭᠦᠰᠦᠯ ᠢᠯᠡᠷᠡᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   41
  • ᠄   0
  • ᠄   0
  • ᠄  0

ᠴᠤᠭᠤᠷ ᠤᠨ ᠳᠠᠭᠤᠤ ᠪᠣᠯ ᠮᠣᠩᠭᠣᠯ ᠦᠨᠳᠦᠰᠦᠲᠡᠨ ᠦ ᠡᠷᠬᠢᠮ ᠦᠨᠡᠲᠦ ᠰᠣᠶᠣᠯ ᠤᠨ ᠥᠪ ᠰᠠᠩ ᠪᠥᠭᠡᠳ ᠢᠵᠠᠭᠤᠷ ᠤᠷᠠᠯᠢᠭ ᠮᠥᠨ ᠃ ᠲᠡᠭᠦᠨ ᠳᠦ ᠮᠣᠩᠭᠣᠯ ᠠᠷᠠᠳ ᠤᠨ ᠤᠷᠲᠤ ᠶᠢᠨ ᠲᠠᠭᠤᠨ ᠤ ᠳᠠᠭᠤᠯᠠᠬᠤ ᠣᠨᠴᠠᠯᠢᠭ ᠰᠢᠨᠵᠢ ᠶᠢ ᠠᠭᠤᠯᠬᠤ ᠶᠢᠨ ᠳᠠᠭᠠᠤ ᠬᠣᠭᠣᠯᠠᠢ ᠶᠢᠨ ᠴᠤᠭᠤᠷ ᠤᠨ ᠬᠠᠷᠬᠢᠷᠤᠭ᠎᠎ᠠ  ᠥᠩᠭᠡ ᠪᠡᠷ ᠰᠠᠭᠤᠷᠢ ᠡᠭᠡᠰᠢᠭ ᠬᠠᠪᠰᠤᠷᠭᠠᠨ ᠤᠷᠲᠤ  ᠶᠢᠨ ᠳᠠᠭᠤᠤ ᠲᠠᠢ ᠵᠡᠷᠭᠡᠴᠡᠨ ᠳᠠᠭᠤᠯᠠᠳᠠᠭ ᠦᠨᠳᠦᠰᠦᠨ ᠰᠢᠨᠵᠢ ᠴᠢᠨᠠᠷ ᠲᠠᠢ ᠶᠤᠮ ᠃         ᠭᠠᠭᠴᠠ ᠥᠪᠥᠷ ᠮᠣᠩᠭᠣᠯ ᠤᠨ ᠰᠢᠯᠢ ᠶᠢᠨ ᠭᠣᠣᠯ ᠠᠶᠢᠮᠠᠭ ᠢᠶᠠᠷ ᠴᠤᠭᠤᠷ ᠤᠨ ᠳᠠᠭᠤᠤ ᠡᠷᠲᠡᠨ ᠡᠴᠡ ᠪᠡᠨ ᠳᠡᠯᠭᠡᠷᠡᠵᠦ ᠪᠠᠶᠢᠭᠰᠠᠨ ᠮᠡᠳᠡᠭᠡᠯᠡᠯ ᠬᠠᠷᠠᠬᠠᠨ ᠦᠭᠡᠢ ᠪᠠᠶᠢᠵᠠᠢ ᠃ ᠴᠤᠭᠤᠷ ᠤᠨ ᠳᠠᠭᠤᠤ ᠶᠢᠨ ᠪᠤᠢ ᠪᠣᠯᠤᠭᠰᠠᠨ ᠴᠠᠭ ᠦᠶ᠎ᠡ  ᠶᠢ ᠣᠯᠠᠨ ᠡᠷᠳᠡᠮᠲᠡᠨ ᠰᠤᠳᠤᠯᠤᠭᠴᠢᠳ ᠦᠨ ᠰᠤᠳᠤᠯᠭ᠎ᠠ ᠰᠢᠨᠵᠢᠯᠡᠭᠡ ᠬᠡᠪᠯᠡᠯ ᠮᠡᠳᠡᠭᠡᠯᠡᠯ ᠳᠦ ᠲᠡᠮᠳᠡᠭᠯᠡᠭᠰᠡᠨ ᠢ ᠠᠵᠢᠭᠯᠠᠪᠠᠯ ᠄ ᠮᠣᠩᠭᠣᠯ ᠲᠥᠷᠥ ᠬᠦᠷᠦᠨ ᠲᠣᠭᠲᠠᠪᠤᠷᠢᠵᠢᠬᠤ ᠳᠤ ᠮᠣᠩᠭᠣᠯ ᠤᠨ ᠢᠵᠠᠭᠤᠷᠲᠠᠨ ᠨᠣᠶᠠᠳ ᠤᠨ ᠣᠷᠳᠣᠨ ᠳᠠᠬᠢ ᠳᠠᠭᠤᠤ ᠬᠥᠭᠵᠢᠮ ᠦᠨ ᠴᠢᠬᠤᠯᠠ ᠨᠢᠭᠡ ᠪᠦᠷᠢᠯᠳᠦᠬᠦᠨ  ᠨᠢ ᠪᠣᠯᠵᠤ ᠬᠥᠭᠵᠢᠵᠦ ᠢᠷᠡᠵᠡᠢ ᠭᠡᠵᠦ ᠰᠤᠳᠤᠯᠤᠨ ᠦᠵᠡᠵᠦ ᠪᠠᠶᠢᠨ᠎ᠠ ᠃    ᠡᠨᠡ ᠲᠤᠬᠠᠢ ︽ ᠠᠯᠲᠠᠨ ᠣᠷᠳᠣᠨ ᠤ ᠲᠠᠬᠢᠯᠭ᠎ᠠ ᠶᠢᠨ ᠶᠣᠰᠣᠯᠠᠯ ︾ ᠪᠠ ︽ ᠴᠢᠩᠭᠢᠰ ᠬᠠᠭᠠᠨ ᠤ ᠲᠠᠬᠢᠯᠭ᠎ᠠ ᠶᠢᠨ ᠨᠣᠮ ︾ ᠭᠡᠬᠦ ᠵᠡᠷᠭᠡ ᠲᠡᠦᠬᠡᠨ ᠪᠢᠴᠢᠭ ᠲᠦ ᠲᠣᠳᠣᠷᠠᠬᠠᠢ ᠪᠢᠴᠢᠭᠡᠰᠦᠲᠡᠢ ᠶᠤᠮ ᠃ ᠡᠨᠡᠬᠦ ︽ ᠣᠷᠳᠣᠨ ᠤ ᠳᠠᠭᠤᠤ ᠬᠥᠭᠵᠢᠮ ︾ ᠦᠨ ᠲᠡᠦᠬᠡᠨ ᠪᠢᠴᠢᠭ ᠬᠡᠷᠡᠭᠯᠡᠭᠳᠡᠬᠦᠨ  ᠨᠢ ᠮᠠᠨᠵᠤ ᠴᠢᠩ ᠤᠯᠤᠰ ᠤᠨ ᠣᠷᠳᠣᠨ ᠳᠤ ᠬᠠᠳᠠᠭᠠᠯᠠᠭᠳᠠᠨ ᠥᠨᠥ ᠬᠦᠷᠲᠡᠯ᠎ᠡ ᠤᠯᠠᠮᠵᠢᠯᠠᠭᠳᠠᠨ ᠢᠷᠡᠭᠰᠡᠨ ᠪᠠᠶᠢᠨ᠎ᠠ ᠃ ᠡᠳᠡᠭᠡᠷ ᠲᠡᠦᠬᠡᠨ ᠪᠢᠴᠢᠭ ᠬᠡᠷᠡᠭᠯᠡᠭᠳᠡᠬᠦᠨ ᠳᠦ ᠣᠯᠠᠨ ᠴᠤᠭᠤᠷ ᠤᠨ ᠳᠠᠭᠤᠤ ᠶᠢᠨ ᠲᠡᠮᠳᠡᠭᠯᠡᠯ ᠪᠠᠶᠢᠬᠤ ᠪᠥᠭᠡᠳ ᠡᠳᠡᠭᠡᠷ ᠲᠠᠭᠤᠨ ᠨᠤᠭᠤᠳ ᠤᠨ ᠭᠣᠣᠯ ᠠᠭᠤᠯᠭ᠎ᠠ  ᠨᠢ ᠡᠵᠡᠨ ᠴᠢᠩᠭᠢᠰ ᠦᠨ ᠲᠤᠬᠠᠢ ᠳᠤᠷᠠᠰᠤᠮᠵᠢ ᠮᠥᠷᠥᠭᠡᠳᠦᠯ ᠂ ᠡᠩᠬᠡ ᠲᠥᠷᠥ ᠶᠢᠨ ᠶᠣᠰᠣᠯᠠᠯ ᠬᠦᠨᠳᠦᠳᠬᠡᠯ ᠂ ᠢᠷᠥᠭᠡᠯ ᠮᠠᠭᠲᠠᠭᠠᠯ ᠵᠡᠷᠭᠡ ᠪᠡᠷ ᠭᠣᠣᠯᠯᠠᠵᠤ ᠂ ᠲᠤᠬᠠᠢ ᠶᠢᠨ ᠣᠷᠳᠣᠨ ᠤ ᠳᠠᠭᠤᠤ ᠬᠥᠭᠵᠢᠮ ᠳᠦ ᠲᠥᠷᠥ ᠶᠢᠨ ᠳᠠᠭᠤᠤ ᠳᠠᠭᠤᠯᠠᠵᠤ ᠡᠵᠡᠨ ᠬᠠᠭᠠᠨ ᠪᠤᠶᠤ ᠡᠷᠬᠡᠲᠦ ᠲᠦᠰᠢᠮᠡᠳ ᠲᠥᠷᠥ ᠶᠣᠰᠣᠯᠠᠯ ᠤᠨ ᠬᠤᠷᠠᠯ ᠴᠤᠭᠯᠠᠭᠠᠨ ᠳᠡᠯᠭᠡᠷ ᠶᠡᠬᠡ ᠪᠠᠶᠠᠷ ᠨᠠᠶᠢᠷ ᠲᠤ ᠯᠠ ᠳᠠᠭᠤᠯᠠᠭᠳᠠᠵᠤ ᠪᠠᠶᠢᠵᠠᠢ ᠃ ᠲᠤᠬᠠᠢ ᠶᠢᠨ ᠦᠶ᠎ᠡ ᠳᠦ ᠣᠷᠳᠣᠨ ᠤ ᠳᠠᠭᠤᠤ ᠬᠥᠭᠵᠢᠮ  ᠨᠢ ᠣᠯᠠᠨ ᠲᠦᠮᠡᠨᠴᠢ ᠨᠥᠯᠥᠭᠡ ᠪᠡᠷ ᠪᠠᠭ᠎ᠠ ᠪᠠᠶᠢᠭᠰᠠᠨ ᠶᠤᠮ ᠃ ᠡᠭᠡᠯ ᠠᠷᠠᠳ ᠳᠠᠭᠤᠯᠠᠵᠤ ᠬᠥᠭᠵᠢᠮᠳᠡᠵᠦ ᠪᠣᠯᠬᠤ ᠦᠭᠡᠢ ᠭᠡᠰᠡᠨ ᠶᠠᠷᠢᠶ᠎ᠠ ᠴᠣ ᠪᠠᠶᠢᠳᠠᠭ ᠰᠠᠨ ᠃ ᠡᠨᠡ  ᠨᠢ ᠪᠠᠷᠤᠭ ᠥᠭᠡᠷ᠎ᠡ ᠣᠯᠠᠨ ᠮᠣᠩᠭᠣᠯ ᠶᠠᠰᠤᠲᠠᠨ ᠤ ᠳᠤᠮᠳᠠ ᠴᠤᠭᠤᠷ ᠤᠨ ᠳᠠᠭᠤᠤ ᠳᠡᠯᠭᠡᠷᠡᠭᠰᠡᠨ ᠦᠭᠡᠢ ᠶᠢᠨ ᠤᠴᠢᠷ ᠪᠠᠶᠢᠬᠤ ᠳ᠋ᠠ !

 

ᠴᠤᠭᠤᠷ ᠤᠨ ᠳᠠᠭᠤᠤ

ᠰᠢᠭᠦᠮᠵᠢ ᠦᠯᠡᠳᠡᠭᠡᠬᠦ