• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 4  2 ᠬᠢᠴᠡ ᠪᠦᠳᠦᠴᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   41
  • ᠄   0
  • ᠄   0
  • ᠄  0

ᠴᠤᠭᠤᠷ ᠢ ᠭᠠᠳᠠᠷ ᠲᠥᠷᠬᠥ ᠡᠴᠡ  ᠨᠢ ᠬᠠᠷᠠᠬᠤ ᠳᠤ ᠮᠣᠷᠢᠨ ᠬᠤᠭᠤᠷ ᠯᠤᠭ᠎ᠠ ᠲᠥᠰᠲᠡᠢ ᠪᠣᠯᠪᠠᠴᠤ ᠲᠡᠭᠦᠨ ᠡᠴᠡ ᠬᠡᠮᠵᠢᠶ᠎ᠡ ᠪᠡᠷ ᠪᠠᠭ᠎ᠠ ᠂ ᠬᠢᠴᠡ  ᠨᠢ ᠠᠷᠠᠢ ᠥᠷᠭᠡᠪᠲᠦᠷ ᠪᠠᠶᠢᠳᠠᠭ  ᠨᠢ ᠰᠡᠷᠡᠰᠢ ᠭᠤᠸᠠᠢ ᠶᠢᠨ ᠬᠡᠷᠡᠭᠯᠡᠵᠦ ᠪᠠᠶᠢᠭᠰᠠᠨ ᠴᠤᠭᠤᠷ  ᠠᠴᠠ ᠠᠵᠢᠭᠯᠠᠭᠳᠠᠨ᠎ᠠ ᠃ ᠬᠢᠯᠭᠠᠰᠤᠨ ᠴᠤᠭᠤᠷ ᠢ ᠬᠢᠬᠦ ᠳᠦ ᠠᠭᠠᠷᠤ ᠂ ᠽᠠᠨᠳᠠᠨ ᠂ ᠨᠠᠷᠠᠰᠤ ᠂ ᠮᠠᠶᠢᠯᠠᠰᠤ ᠵᠡᠷᠭᠡ ᠠᠷᠢᠭᠤᠨ ᠮᠣᠳᠣ ᠪᠠᠷ ᠠᠷᠠᠯ ᠂ ᠴᠤᠤᠷᠢᠶ᠎ᠠ ᠶᠢᠨ ᠬᠠᠶᠢᠷᠴᠠᠭ ᠂ ᠴᠢᠬᠢ ᠶᠢ ᠬᠢᠵᠦ ᠂ ᠶᠠᠰᠢᠯ ᠮᠣᠳᠣ ᠪᠠᠷ ᠨᠤᠮᠤ ᠬᠢᠳᠡᠭ ᠃ ᠬᠠᠶᠢᠯᠠᠰᠤ ᠂ ᠦᠷᠡᠯ ᠦᠨ ᠮᠣᠳᠣ ᠪᠠᠷ ᠲᠡᠪᠬᠡ ᠬᠢᠨ᠎ᠡ ᠃ ᠴᠤᠤᠷᠢᠶ᠎ᠠ ᠶᠢᠨ ᠬᠠᠶᠢᠷᠴᠠᠭ ᠢ ᠢᠰᠢᠭᠡ ᠂ ᠤᠨᠠᠭ᠎ᠠ ᠂ ᠮᠣᠭᠠᠢ ᠶᠢᠨ ᠠᠷᠠᠰᠤ ᠪᠠᠷ ᠪᠦᠷᠢᠵᠦ ᠲᠣᠯᠣᠭᠠᠢ ᠳᠤ  ᠨᠢ ᠮᠠᠲᠠᠷ ᠂ ᠴᠢᠨᠣ᠎ᠠ ᠂ ᠮᠣᠷᠢ ᠂ ᠬᠤᠪᠠᠬᠠᠢ ᠶᠢᠨ ᠲᠣᠯᠣᠭᠠᠢ ᠶᠢᠨ ᠳᠦᠷᠰᠦ  ᠪᠡᠷ ᠰᠡᠶᠢᠯᠵᠦ ᠵᠠᠰᠠᠳᠠᠭ ᠃ ᠬᠠᠷ᠎ᠠ ᠬᠥᠭᠰᠢᠨ ᠠᠵᠢᠷᠭ᠎ᠠ ᠶᠢᠨ ᠰᠡᠭᠦᠯ ᠢᠶᠡᠷ ᠴᠤᠭᠤᠷ ᠢᠶᠠᠨ ᠤᠲᠠᠰᠤᠯᠠᠵᠤ ᠂ ᠭᠠᠩ ᠰᠠᠶᠢᠲᠠᠢ ᠤᠯᠠᠭᠠᠨ ᠡᠰᠢ  ᠲᠡᠢ ᠬᠡᠲᠡ ᠬᠢᠲᠤᠭ᠎ᠠ ᠶᠢ ᠲᠠᠪᠭᠡᠨ ᠳᠣᠣᠷ᠎ᠠ  ᠨᠢ ᠰᠢᠷᠭᠤᠭᠤᠯᠵᠤ ᠬᠢᠳᠡᠭ ᠃ ︽ ᠳᠤᠮᠳᠠᠳᠤ ᠤᠯᠤᠰ ᠤᠨ ᠴᠥᠭᠡᠨ ᠲᠣᠭᠠᠲᠤ ᠦᠨᠳᠦᠰᠦᠲᠡᠨ ᠦ ᠬᠥᠭᠵᠢᠮᠳᠡᠭᠦᠷ ︾ ( ᠦᠨᠳᠦᠰᠦᠲᠡᠨ ᠦ ᠬᠡᠪᠯᠡᠯ ᠦᠨ ᠬᠣᠷᠢᠶ᠎ᠠ ᠂ 1999 ᠂ ᠪᠡᠭᠡᠵᠢᠩ ) ᠭᠡᠬᠦ ᠨᠣᠮ ᠤᠨ ᠲᠡᠦᠬᠡᠨ ᠪᠠᠷᠢᠮᠲᠠ ᠶᠢ ᠦᠨᠳᠦᠰᠦᠯᠡᠭᠰᠡᠨ ᠲᠡᠮᠳᠡᠭᠯᠡᠯ ᠢᠶᠡᠷ ᠴᠤᠭᠤᠷ ᠤᠨ ᠬᠢᠴᠡ ᠬᠡᠮᠵᠢᠶ᠎ᠡ ᠳᠣᠣᠷᠠᠬᠢ ᠮᠡᠲᠦ ᠄ ⑴ ᠴᠤᠤᠷᠢᠶ᠎ᠠ  ᠶᠢᠨ ᠬᠠᠶᠢᠷᠴᠠᠭ ᠂ ᠮᠥᠷᠥ ᠶᠢᠨ ᠥᠷᠭᠡᠨ ᠄ 25.2cm ᠂ ᠰᠠᠭᠤᠷᠢ ᠶᠢᠨ ᠥᠷᠭᠡᠨ ᠄ 22cm ᠂ ᠵᠤᠵᠠᠭᠠᠨ ᠄ 7.6cm ᠃ ᠨᠢᠭᠤᠷ ᠢ ᠠᠷᠠᠰᠤ ᠪᠠᠷ ᠪᠦᠷᠢᠶᠡᠰᠦᠯᠡᠵᠦ ᠂ ᠠᠷᠤ ᠶᠢ  ᠨᠢ ᠨᠢᠮᠭᠡᠨ ᠮᠣᠳᠣ ᠪᠠᠷ ᠬᠠᠪᠲᠠᠰᠤᠯᠠᠨ᠎ᠠ ᠂ ᠭᠣᠣᠯ ᠳᠤᠮᠳᠠ ᠪᠠᠨ 9. 6cm ᠪᠦᠬᠦᠢ ᠲᠠᠭᠤᠨ ᠨᠦᠬᠡ ᠨᠢᠭᠡ ᠪᠤᠢ ᠃ ⑵ ᠠᠷᠠᠯ ᠂ ᠪᠦᠬᠦ ᠤᠷᠲᠤ ( ᠲᠣᠯᠣᠭᠠᠢ ᠶᠢ ᠪᠠᠭᠲᠠᠭᠠᠭᠰᠠᠨ ) 107. 2cm ᠂ ᠨᠢᠭᠤᠷ ᠤᠨ ᠥᠷᠭᠡᠨ ᠄ 2.8  3.5cm ᠃ ⑶ ᠴᠢᠬᠢ ( ᠵᠡᠭᠦᠨ ᠪᠠᠷᠠᠭᠤᠨ ᠬᠣᠶᠠᠷ ᠴᠢᠬᠢ ) ᠄ ᠴᠢᠬᠢᠨ ᠦ ᠭᠣᠪᠢᠯ ᠤᠨ ᠤᠷᠲᠤ ᠄ 10cm ᠂ ᠴᠢᠬᠢᠨ ᠦ ᠭᠣᠪᠢᠯ ᠤᠨ ᠥᠷᠭᠡᠨ ᠄ 1.5cm ᠂ ᠴᠢᠬᠢᠨ ᠦ ᠤᠷᠲᠤ ᠄ 14.5cm ᠂ ᠴᠢᠬᠢᠨ ᠦ ᠪᠦᠳᠦᠭᠦᠨ ᠄ ᠡᠷᠡᠬᠡᠢ  ᠬᠤᠷᠤᠭᠤᠨ ᠤ  ᠪᠠᠷᠤᠭ ᠢᠶᠠᠷ  ᠬᠡᠮᠵᠢᠨ᠎ᠡ ᠃ ⑷ ᠤᠲᠠᠰᠤ ( ᠬᠢᠯᠭᠠᠰᠤ ) ᠂  ᠨᠠᠷᠢᠨ ᠤᠲᠠᠰᠤ ᠄ ᠵᠡᠭᠦᠨ ᠭᠠᠷ ᠲᠠᠯ᠎ᠠ ᠳᠠᠭᠠᠨ ᠣᠷᠣᠰᠢᠨ᠎ᠠ ᠂ ᠪᠠᠷᠤᠭ 50  60 ᠰᠢᠷᠬᠡᠭ ᠬᠢᠯᠭᠠᠰᠤ ᠪᠠᠷ ᠪᠥᠷᠢᠯᠳᠦᠨ᠎ᠡ ᠃ ᠪᠦᠳᠦᠭᠦᠨ ᠤᠲᠠᠰᠤ ᠄ ᠪᠠᠷᠠᠭᠤᠨ ᠭᠠᠷ ᠲᠠᠯ᠎ᠠ ᠳᠠᠭᠠᠨ ᠣᠷᠣᠰᠢᠨ᠎ᠠ ᠂ ᠪᠠᠷᠤᠭ 70  80 ᠰᠢᠷᠬᠡᠭ ᠬᠢᠯᠭᠠᠰᠤ ᠪᠠᠷ ᠪᠥᠷᠢᠯᠳᠦᠨ᠎ᠡ ᠃ ⑸ ᠨᠤᠮᠤ ᠄ ᠤᠷᠲᠤ  ᠨᠢ 50  60cm ᠂ ᠥᠩᠭᠡᠷᠡᠭᠰᠡᠨ ᠵᠠᠭᠤᠨ ᠤ ᠲᠠᠪᠢᠭᠠᠳ ᠣᠨ ᠠᠴᠠ ᠬᠣᠶᠢᠰᠢ ᠂ ᠴᠤᠭᠤᠷ ᠲᠤ ᠥᠭᠡᠷᠡᠴᠢᠯᠡᠯᠲᠡ ᠬᠢᠵᠦ ᠂ ᠪᠦᠷᠢᠶᠡᠰᠦ ᠶᠢ  ᠨᠢ ᠠᠪᠤᠷᠭᠤ ᠮᠣᠭᠠᠢ ᠶᠢᠨ ᠠᠷᠠᠰᠤ ᠪᠠᠷ ᠬᠢᠵᠦ ᠠᠷᠠᠯ ᠢ  ᠨᠢ ᠤᠷᠲᠤᠳᠬᠠᠨ ᠂ ᠴᠢᠬᠢ ᠳᠦ᠍ᠨᠢ ᠡᠷᠬᠢᠪᠴᠢ ᠲᠣᠬᠢᠷᠠᠭᠤᠯᠤᠨ ᠂ ᠤᠷᠲᠤ ᠨᠤᠮᠤ ᠪᠠᠷ ᠲᠠᠲᠠᠬᠤ ᠪᠣᠯᠤᠭᠰᠠᠨ ᠠᠴᠠ ᠳᠠᠭᠤ  ᠨᠢ ᠰᠠᠶᠢᠵᠢᠷᠠᠵᠤ ᠂ ᠴᠠᠷ᠎ᠠ ᠨᠡᠮᠡᠭᠳᠡᠭᠡᠳ ᠂ ᠢᠯᠡᠳᠬᠡᠯ  ᠨᠢ ᠤᠯᠠᠮ ᠥᠷᠭᠡᠵᠢᠭᠰᠡᠨ ᠪᠠᠶᠢᠨ᠎ᠠ ᠃

hb

ᠰᠢᠭᠦᠮᠵᠢ ᠦᠯᠡᠳᠡᠭᠡᠬᠦ