• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 4  4 ᠲᠣᠣᠭᠠᠷᠣᠯᠳᠠ ᠵᠢᠡ ᠤᠡᠴᠠᠯᠢᠭ ᠪᠠ ᠬᠦᠭᠵᠢᠮᠳᠡᠬᠦ ᠠᠷᠭ᠎ᠠ ᠪᠠᠷᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   43
  • ᠄   0
  • ᠄   0
  • ᠄  0

ᠬᠢᠯᠭᠠᠰᠤᠨ ᠴᠤᠭᠤᠷ ᠢᠶᠠᠷ ᠬᠥᠭᠵᠢᠮᠳᠡᠬᠦ ᠳᠦ ᠬᠤᠷᠤᠭᠤᠨ ᠤ ᠳ᠋ᠤᠭᠠᠷ ᠴᠣ ᠥᠪᠡᠷᠮᠢᠴᠡ ᠣᠨᠴᠠᠯᠢᠭ ᠲᠠᠢ ᠂ ᠡᠷᠡᠬᠡᠢ ᠬᠤᠷᠤᠭᠤ ᠂ ᠨᠢᠭᠡᠳᠦᠭᠡᠷ ᠬᠤᠷᠤᠭᠤ ᠴᠢᠪᠬᠠᠳᠠᠰᠤᠨ ᠳᠡᠭᠡᠷ᠎ᠡ ᠬᠠᠮᠲᠤ ᠢᠰᠬᠡᠷᠦᠯ ᠳᠠᠭᠤ ᠡᠭᠦᠰᠬᠡᠳᠡᠭ ᠂ ᠭᠤᠷᠪᠠᠳᠤᠭᠠᠷ ᠬᠤᠷᠤᠭᠤ ᠲᠣᠳᠣᠷ᠎ᠠ ᠤᠲᠠᠰᠤ ᠳᠠᠬᠢ ᠡᠭᠡᠰᠢᠭ ᠦᠨ ᠪᠠᠶᠢᠷᠢᠯᠠᠯ ᠢ ᠡᠷᠡᠬᠡᠢ ᠬᠤᠷᠤᠭᠤ ᠪᠠᠷ ᠬᠥᠭᠵᠢᠮᠳᠡᠳᠡᠭ ᠲᠣᠬᠢᠶᠠᠯᠳᠤᠯ ᠪᠤᠢ ᠃    ᠬᠢᠯᠭᠠᠰᠤᠨ ᠴᠤᠭᠤᠷ ᠤᠨ ᠨᠤᠮᠤ  ᠨᠢ ᠮᠡᠷᠭᠡᠵᠢᠯ ᠦᠨ ᠬᠤᠪᠢ ᠳᠤ ᠮᠣᠷᠢᠨ ᠬᠤᠭᠤᠷ ᠰᠢᠭ ᠣᠯᠠᠨ ᠲᠥᠷᠥᠯ ᠦᠨ ᠬᠡᠮᠵᠢᠶ᠎ᠡ ᠴᠣᠬᠢᠯᠭ᠎ᠠ ᠭᠡᠳᠡᠭ ᠦᠭᠡᠢ ᠴᠣ ᠲᠡᠭᠦᠨ ᠦ ᠨᠤᠮᠤ ᠶᠢᠨ ᠨᠥᠬᠥᠴᠡ ᠲᠡᠢ ᠬᠥᠭᠵᠢᠮᠳᠡᠬᠦ ᠪᠠ ᠵᠥᠪ ᠵᠣᠬᠢᠰᠲᠠᠢ ᠬᠤᠪᠢᠶᠠᠷᠢᠯᠠᠬᠤ  ᠶᠢ ᠴᠢᠬᠤᠯᠠ ᠪᠠᠶᠢᠬ᠎ᠠ ᠃ ᠬᠢᠯᠭᠠᠰᠤᠨ ᠴᠤᠭᠤᠷ ᠬᠥᠭᠵᠢᠮ ᠦᠨ ᠨᠤᠮᠤ  ᠨᠢ ᠬᠡᠳᠦᠶᠢᠪᠡᠷ ᠣᠬᠣᠷ ᠪᠠᠶᠢᠳᠠᠭ ᠪᠣᠯᠪᠠᠴᠤ ᠠᠯᠳᠠᠷᠲᠤ ᠴᠤᠭᠤᠷᠴᠢ ᠰᠡᠷᠡᠰᠢ ᠶᠢᠨ ᠬᠥᠭᠵᠢᠯᠲᠡ  ᠨᠢ ᠨᠤᠮᠤ ᠶᠢᠨ ᠨᠥᠬᠥᠴᠡ ᠲᠡᠢ ᠪᠠᠶᠢᠳᠠᠭ ᠢᠶᠠᠷ ᠢᠶᠠᠨ ᠠᠯᠳᠠᠷᠰᠢᠭᠰᠠᠨ ᠪᠠᠶᠢᠳᠠᠭ ᠃ ᠨᠤᠮᠤ ᠶᠢᠨ ᠬᠢᠯᠭᠠᠰᠤ  ᠨᠢ ᠰᠤᠯᠠ ᠪᠠᠶᠢᠳᠠᠭ ᠠᠴᠠ ᠬᠥᠭᠵᠢᠮᠴᠢᠳ ᠭᠠᠷ ᠬᠤᠷᠤᠭᠤᠨ ᠤ ᠮᠡᠳᠡᠷᠡᠮᠵᠢ ᠪᠡᠷ ᠨᠤᠮᠤ ᠶᠢᠨ ᠬᠢᠯᠭᠠᠰᠤᠨ ᠤ ᠴᠢᠩᠭ᠎ᠠ ᠂ ᠰᠤᠯᠠ ᠶᠢ ᠲᠡᠩᠴᠡᠭᠦᠯᠦᠨ ᠬᠥᠭᠵᠢᠮᠳᠡᠳᠡᠭ ᠃ ᠨᠤᠮᠤ ᠶᠢ ᠪᠠᠷᠢᠬᠤ ᠳᠤ ᠡᠷᠡᠬᠡᠢ ᠬᠤᠷᠤᠭᠤ ᠂ ᠳᠣᠯᠣᠪᠣᠷ ᠬᠤᠷᠤᠭᠤ ᠪᠠᠷ ᠨᠤᠮᠤ ᠶᠢᠨ ᠡᠰᠢ ᠶᠢ ᠪᠠᠷᠢᠵᠤ ᠂ ᠳᠤᠮᠳᠠ ᠬᠤᠷᠤᠭᠤ ᠂ ᠢᠳᠠᠮ ᠂ ᠰᠢᠭᠡᠵᠢ ᠬᠤᠷᠤᠭᠤ ᠪᠠᠷ ᠬᠢᠯᠭᠠᠰᠤᠨ ᠳᠡᠭᠡᠷ᠎ᠡ ᠭᠣᠬᠠᠳᠠᠵᠤ ᠪᠠᠷᠢᠳᠠᠭ ᠃ ᠢᠩᠭᠢᠵᠦ ᠪᠠᠷᠢᠬᠤ  ᠨᠢ ᠭᠠᠷ ᠬᠤᠷᠤᠭᠤᠨ ᠤ ᠮᠡᠳᠡᠷᠡᠮᠵᠢ ᠶᠢ ᠨᠢᠭᠡᠳᠬᠡᠨ ᠮᠠᠰᠢ ᠴᠢᠯᠥᠭᠡᠲᠡᠢ ᠪᠠᠶᠢᠵᠤ ᠴᠢᠳᠠᠳᠠᠭ ᠃ ᠬᠢᠯᠭᠠᠰᠤᠨ ᠴᠤᠭᠤᠷ ᠢ ᠬᠥᠭᠵᠢᠮᠳᠡᠬᠦ ᠳᠦ ᠪᠠᠷᠠᠭᠤᠨ ᠭᠠᠷ ᠤᠨ ᠨᠤᠮᠤ ᠶᠢᠨ ᠬᠦᠴᠦ ᠶᠡᠬᠡ ᠬᠡᠷᠡᠭᠯᠡᠳᠡᠭ ᠪᠠᠶᠢᠬᠤ ᠳᠤ ᠵᠡᠭᠦᠨ ᠭᠠᠷ ᠤᠨ ᠬᠤᠪᠢ ᠳᠤ ᠮᠠᠰᠢ ᠬᠥᠩᠭᠡᠨ ᠢᠯᠪᠢᠨ ᠬᠥᠭᠵᠢᠮᠳᠡᠬᠦ ᠠᠷᠭ᠎ᠠ ᠪᠠᠷᠢᠯ ᠢᠶᠠᠷ ᠵᠣᠩᠬᠢᠯᠠᠭᠳᠠᠵᠤ ᠭᠣᠣᠯᠳᠠᠭᠤ ᠳᠣᠣᠷ᠎ᠠ ᠬᠥᠭ᠍ ᠦᠨ ᠬᠦᠩᠭᠢᠨᠡᠮ᠎ᠡ ᠴᠤᠤᠷᠢᠶ᠎ᠠ ᠪᠠ ᠢᠰᠬᠡᠷᠦᠯ ᠥᠩᠭᠡ ᠶᠢᠨ ᠬᠥᠭ ᠠᠶᠠᠰ ᠢ ᠡᠭᠦᠰᠬᠡᠳᠡᠭ ᠃

ᠵᠢᠷᠤᠭ

11 12

tv1

ᠰᠢᠭᠦᠮᠵᠢ ᠦᠯᠡᠳᠡᠭᠡᠬᠦ