• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 4  7 ᠪᠦᠷᠢᠨ  ᠣ ᠨᠠᠮᠳᠠᠷ ᠪᠠ ᠬᠦᠭᠵᠢᠮᠳᠡᠭᠰᠠᠨ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   42
  • ᠄   0
  • ᠄   0
  • ᠄  0

ᠪᠦᠷᠢᠨ ᠂ ᠪᠠᠭ᠎ᠠ ᠶᠢᠨ ᠨᠡᠷ᠎ᠡ ᠪᠦᠷᠢᠨᠪᠠᠶᠠᠷ ᠃ ᠮᠣᠩᠭᠣᠯ ᠦᠨᠳᠦᠰᠦᠲᠡᠨ 1940 ᠣᠨ 2 ᠳ᠋ᠤᠭᠠᠷ ᠰᠠᠷ᠎ᠠ ᠂ ᠤᠤᠯ ᠤᠨ ᠵᠢᠷᠢᠮ ᠠᠶᠢᠮᠠᠭ ᠤᠨ ᠲᠠᠷᠬᠠᠨ ᠬᠣᠰᠢᠭᠤᠨ ᠤ ᠵᠢᠷ ᠦᠨ ᠨᠢᠭᠡᠨ ᠮᠠᠯᠴᠢᠨ ᠤ ᠬᠡᠷ ᠲᠦ ᠮᠡᠨᠳᠦᠯᠡᠵᠡᠢ ᠃ ᠲᠡᠷᠡ ᠬᠠᠷᠠᠬᠠᠨ ᠪᠠᠭ᠎ᠠ  ᠠᠴᠠ ᠪᠠᠨ ᠳᠠᠭᠤᠤ ᠬᠥᠭᠵᠢᠮ ᠳᠦ ᠪᠠᠬᠠᠲᠠᠢ ᠪᠠᠶᠢᠵᠤ ᠂ ᠡᠵᠢ ᠶᠢᠨ ᠢᠶᠡᠨ ᠠᠷᠠᠳ ᠤᠨ ᠳᠠᠭᠤᠤ ᠶᠢᠨ ᠪᠦᠪᠡᠢ ᠳᠦ ᠪᠣᠶᠢᠵᠢᠵᠤ ᠂ ᠬᠡᠦᠬᠡᠳ ᠨᠠᠰᠤᠨ ᠠᠴᠠ ᠪᠠᠨ ᠡᠬᠢᠯᠡᠨ ᠳᠥᠷᠪᠡᠨ ᠴᠢᠬᠢᠲᠦ ᠶᠢ ᠡᠬᠢᠯᠡᠨ ᠰᠤᠷᠴᠠᠢ ᠃ 1955 ᠣᠨ ᠰᠤᠷᠭᠠᠭᠤᠯᠢ ᠰᠣᠶᠣᠯ  ᠤᠨ ᠮᠥᠷ ᠢ ᠬᠥᠭᠡᠭᠡᠵᠦ ᠲᠦᠩᠯᠢᠶᠣᠣ ᠶᠢᠨ ᠬᠣᠶᠠᠳᠤᠭᠠᠷ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠴᠤᠭᠤᠷ ᠡᠬᠢᠯᠡᠨ ᠰᠤᠷᠴᠤ ᠂ ᠰᠤᠷᠭᠠᠭᠤᠯᠢ ᠶᠢᠨ ᠤᠷᠠᠨ ᠰᠠᠶᠢᠬᠠᠨ ᠤ ᠭᠣᠣᠯ ᠭᠡᠰᠢᠭᠦᠨ ᠪᠣᠯᠵᠠᠢ ᠃ 1959 ᠣᠨ ᠳᠤ ᠥᠪᠥᠷ ᠮᠣᠩᠭᠣᠯ ᠤᠨ ᠷᠠᠳᠢᠣ᠋ ᠤᠷᠠᠨ ᠰᠠᠶᠢᠬᠠᠨ ᠤ ᠪᠦᠯᠬᠦᠮ ᠳᠦ ᠲᠣᠭᠯᠠᠭᠴᠢ ᠪᠠᠷ ᠡᠯᠰᠡᠭᠳᠡᠨ  ᠲᠤᠰᠬᠠᠢ ᠮᠡᠷᠭᠡᠵᠢᠯ ᠦᠨ ᠮᠣᠷᠢᠨ ᠬᠤᠭᠤᠷᠴᠢ ᠪᠣᠯᠤᠭᠰᠠᠨ ᠪᠠᠶᠢᠨ᠎ᠠ ᠃ ᠲᠤᠰ ᠵᠢᠯ ᠡᠴᠡ ᠡᠬᠢᠯᠡᠨ ᠰᠠᠩᠳᠦᠭᠦᠷᠡᠩ ᠡᠴᠡ ᠮᠣᠷᠢᠨ ᠬᠤᠭᠤᠷ ᠤᠨ ᠮᠡᠷᠭᠡᠵᠢᠯ ᠰᠤᠷᠴᠤ ᠬᠣᠶᠢᠨ᠎ᠠ ᠡᠮᠦᠨ᠎ᠡ ᠰᠡᠷᠡᠰᠢ ᠂ ᠰᠦᠨ ᠯᠢᠶᠠᠩ ᠂ ᠪᠠᠯᠭᠠᠨ ᠂ ᠪᠠᠪᠤᠳᠣᠷᠵᠢ ᠁ ᠵᠡᠷᠭᠡ ᠠᠯᠳᠠᠷᠲᠤ ᠤᠷᠠᠯᠢᠭᠴᠢᠨ ᠠᠴᠠ ᠮᠣᠷᠢᠨ ᠬᠤᠭᠤᠷ ᠂ ᠴᠤᠭᠤᠷ ᠂ ᠳᠥᠷᠪᠡᠨ ᠴᠢᠬᠢᠲᠦ ᠵᠡᠷᠭᠡ ᠮᠣᠩᠭᠣᠯ ᠦᠨᠳᠦᠰᠦᠲᠡᠨ ᠦ ᠤᠯᠠᠮᠵᠢᠯᠠᠯᠲᠤ ᠬᠥᠭᠵᠢᠮ ᠢ ᠰᠤᠷᠤᠯᠴᠠᠭᠰᠠᠨ ᠲᠡᠦᠬᠡ ᠲᠡᠢ ᠃

ᠪᠦᠷᠢᠨ ᠨᠥᠬᠥᠷ ᠂ ᠷᠠᠳᠢᠣ᠋  ᠤᠷᠠᠨ ᠰᠠᠶᠢᠬᠠᠨ ᠤ ᠪᠦᠯᠬᠦᠮ ᠳᠡᠬᠢ ᠬᠣᠷᠢᠨ ᠬᠡᠳᠦᠨ ᠵᠢᠯ ᠦᠨ ᠠᠵᠢᠯ ᠰᠤᠷᠤᠯᠴᠠᠯᠭ᠎ᠠ ᠶᠢᠨ ᠳᠤᠮᠳᠠ ᠮᠣᠷᠢᠨ ᠬᠤᠭᠤᠷ ᠤᠨ ᠠᠶ᠎ᠠ︽ ᠠᠳᠤᠭᠤᠴᠢᠨ ᠤ ᠳᠠᠭᠤᠯᠠᠯ ︾ ︽ ᠬᠦᠦᠷᠨᠢᠬᠦ ᠠᠶ᠎ᠠ ︾ ᠂︽ ᠭᠣᠪᠢ ᠶᠢᠨ ᠥᠨᠳᠥᠷᠯᠢᠭ ︾ ︽ ᠮᠥᠷᠥᠭᠡᠳᠦᠯ ︾ᠵᠡᠷᠭᠡ ᠠᠶ᠎ᠠ ᠵᠣᠬᠢᠶᠠᠨ ᠬᠥᠭᠵᠢᠮᠳᠡᠭᠰᠡᠨ ᠪᠠ ︽ ᠢᠷᠥᠭᠡᠯ ︾ ᠵᠡᠷᠭᠡ ᠵᠠᠭᠤᠭᠠᠳ ᠳᠠᠭᠤᠤ ᠵᠣᠬᠢᠶᠠᠭᠰᠠᠨ ᠪᠠᠶᠢᠨ᠎ᠠ ᠃ ᠳᠡᠭᠡᠷ᠎ᠡ ᠵᠠᠭᠤᠨ ᠤ ᠨᠠᠶᠠᠭᠠᠳ ᠣᠨ ᠤ ᠡᠬᠢᠨ ᠢᠶᠡᠷ ︽ ᠮᠣᠷᠢᠨ ᠬᠤᠭᠤᠷ ᠤᠨ ᠡᠭᠦᠰᠦᠯ ᠬᠥᠭᠵᠢᠯ ᠵᠢᠴᠢ ᠤᠷᠠᠯᠢᠭ ᠤᠨ ᠰᠢᠨᠵᠢ ᠲᠣᠶᠢᠮᠣ ︾ ᠥᠭᠦᠯᠡᠯ ᠢᠶᠡᠨ ᠨᠡᠶᠢᠳᠡᠯᠡᠨ ᠮᠣᠷᠢᠨ ᠬᠤᠭᠤᠷ ᠤᠨ ᠲᠠᠲᠠᠯᠭ᠎ᠠ ᠳᠠᠷᠤᠯᠭ᠎ᠠ ᠶᠢᠨ ᠲᠥᠷᠥᠯ ᠵᠦᠢᠯ ᠣᠨᠴᠠᠯᠢᠭ ᠬᠡᠪ ᠨᠠᠮᠪᠠ ᠶᠢ ᠦᠭᠦᠯᠡᠨ ᠂ ᠮᠣᠷᠢᠨ ᠬᠤᠭᠤᠷ ᠤᠨ ᠭᠤᠷᠪᠠᠨ ᠵᠦᠢᠯ ᠦᠨ ᠬᠥᠭ ᠪᠠ ᠲᠠᠪᠤᠨ ᠵᠦᠢᠯ ᠦᠨ ᠳᠠᠷᠤᠯᠭ᠎ᠠ ᠶᠢᠨ ᠰᠢᠰᠲ᠋ᠧᠮ ᠢ ᠠᠩᠬ᠎ᠠ ᠤᠳᠠᠭ᠎ᠠ ᠳᠤᠷᠠᠳᠤᠨ ᠭᠠᠷᠭᠠᠭᠰᠠᠨ ᠪᠠᠶᠢᠨ᠎ᠠ ᠃ ᠡᠨᠡ  ᠨᠢ ᠮᠣᠷᠢᠨ ᠬᠤᠭᠤᠷ  ᠤᠨ ᠤᠷᠠᠯᠢᠭ ᠤᠨ ᠰᠤᠳᠤᠯᠭᠠᠨ ᠤ ᠬᠠᠷᠠᠭ᠎ᠠ ᠶᠢ ᠥᠷᠭᠡᠳᠬᠡᠨ ᠤᠯᠠᠮᠵᠢᠯᠠᠯ ᠵᠠᠯᠭᠠᠮᠵᠢᠯᠠᠯ ᠬᠢᠬᠦ ᠳᠦ ᠮᠠᠰᠢ ᠶᠡᠬᠡ ᠰᠤᠳᠤᠯᠭᠠᠨ ᠤ ᠦᠨ᠎ᠡ ᠥᠷᠲᠡᠭ ᠪᠠ ᠠᠴᠢ ᠬᠣᠯᠪᠣᠭᠳᠠᠯ ᠲᠠᠢ ᠪᠣᠯᠤᠭᠰᠠᠨ ᠶᠤᠮ ᠃

ᠨᠠᠶᠠᠭᠠᠳ ᠣᠨ ᠤ ᠡᠬᠢᠨ ᠢᠶᠡᠷ ᠲᠥᠪ ᠦᠨ ᠠᠷᠠᠳ ᠤᠨ ᠷᠠᠳᠢᠣ᠋ ᠬᠣᠷᠢᠶ᠎ᠠ ᠶᠢᠨ ᠴᠥᠭᠡᠨ ᠲᠣᠭᠠᠲᠤ ᠦᠨᠳᠦᠰᠦᠲᠡᠨ ᠦ ᠳᠠᠭᠤᠤ ᠬᠥᠭᠵᠢᠮ ᠦᠨ ᠣᠷᠳᠣᠨ ᠫᠠᠷᠦᠭ᠍ᠷᠠᠮ  ᠠᠴᠠ ᠮᠣᠷᠢᠨ ᠬᠤᠭᠤᠷᠴᠢᠨ ᠢᠶᠠᠷ ᠲᠤᠰᠬᠠᠢ ᠲᠠᠨᠢᠯᠴᠠᠭᠤᠯᠭ᠎ᠠ ᠬᠢᠭᠰᠡᠨ ᠪᠥᠭᠡᠳ 1984 ᠣᠨ ᠳᠤ ︽ ᠭᠣᠪᠢ ᠶᠢᠨ ᠥᠨᠳᠥᠷᠯᠢᠭ ᠲᠦ ︾ ᠮᠣᠷᠢᠨ ᠬᠤᠭᠤᠷ ᠤᠨ ᠭᠣᠴᠣᠯᠠᠯ ᠠᠶ᠎ᠠ  ᠨᠢ ᠪᠦᠬᠦ ᠤᠯᠤᠰ ᠤᠨ ᠭᠤᠷᠪᠠᠳᠤᠭᠠᠷ ᠬᠤᠭᠤᠴᠠᠭᠠᠨ ᠤ ᠳᠠᠭᠤᠤ ᠬᠥᠭᠵᠢᠮ ᠦᠨ ᠪᠦᠲᠦᠭᠡᠯ ᠦᠨ ᠱᠠᠩᠨᠠᠯ ᠢ ᠲᠣᠰᠤᠭᠰᠠᠨ ᠪᠥᠭᠡᠳ ᠲᠤᠰ ᠵᠢᠯ ᠥᠪᠥᠷ ᠮᠣᠩᠭᠣᠯ ᠤᠨ ᠠᠩᠬᠠᠳᠤᠭᠠᠷ ᠬᠤᠭᠤᠴᠠᠭᠠᠨ ᠤ ᠳᠠᠭᠤᠤ ᠬᠥᠭᠵᠢᠮ ᠦᠨ ᠵᠣᠬᠢᠶᠠᠨ ᠪᠦᠲᠦᠭᠡᠯᠭᠡ ᠶᠢᠨ ︽ ᠰᠡᠷᠡᠨ᠎ᠡ ︾ ᠱᠠᠩᠨᠠᠯ ᠢ ᠭᠠᠷᠳᠠᠵᠠᠢ ᠃

ᠪᠦᠷᠢᠨ ᠨᠥᠬᠥᠷ ᠮᠣᠷᠢᠨ ᠬᠤᠭᠤᠷ ᠤᠨ ᠰᠤᠷᠭᠠᠨ ᠬᠥᠮᠦᠵᠢᠯ ᠦᠨ ᠠᠵᠢᠯ ᠢ ᠠᠯᠢ ᠡᠷᠲᠡ ᠳᠡᠭᠡᠷ᠎ᠡ ᠵᠠᠭᠤᠨ ᠤ ᠲᠠᠯᠠᠭᠠᠳ ᠣᠨ ᠠᠴᠠ ᠡᠬᠢᠯᠡᠭᠰᠡᠨ ᠪᠥᠭᠡᠳ ᠣᠯᠠᠨ ᠰᠢᠯᠢᠳᠡᠭ ᠮᠣᠷᠢᠨ ᠬᠤᠭᠤᠷ ᠤᠨ ᠪᠠᠭᠰᠢ ᠪᠣᠯᠤᠨ ᠤᠷᠠᠯᠢᠭᠴᠢᠨ ᠢ ᠬᠥᠮᠦᠵᠢᠭᠦᠯᠵᠡᠢ ᠃ ᠡᠭᠦᠨ ᠳᠦ ᠪᠦᠲᠦᠭᠡᠭᠴᠢ ᠂ ᠪᠥᠭᠡᠰᠦᠨ ᠂ ᠠᠯᠲᠠᠨᠰᠠᠩ ᠂ ᠨᠠ‍᠊ · ᠬᠥᠭᠵᠢᠯᠲᠦ ᠵᠡᠷᠭᠡ ᠪᠠᠶᠢᠬᠤ ᠪᠥᠭᠡᠳ ᠣᠳᠣᠬᠠᠨ ᠳᠤ 2009 ᠣᠨ ᠳᠤ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠳᠡᠭᠡᠳᠦ ᠰᠤᠷᠭᠠᠭᠤᠯᠢ ᠶᠢᠨ ᠣᠨᠴᠠ ᠤᠷᠢᠭᠰᠠᠨ ᠫᠷᠣᠹᠧᠰᠰᠣᠷ ᠂ 2006 ᠣᠨ ᠳᠤ ᠥᠪᠥᠷ ᠮᠣᠩᠭᠣᠯ ᠤᠨ ᠪᠠᠭᠰᠢ ᠶᠢᠨ ᠶᠡᠬᠡ ᠰᠤᠷᠭᠠᠭᠤᠯᠢ ᠶᠢᠨ ᠳᠠᠭᠤᠤ ᠬᠥᠭᠵᠢᠮ ᠦᠨ ᠳᠡᠭᠡᠳᠦ ᠰᠤᠷᠭᠠᠭᠤᠯᠢ ᠶᠢᠨ ᠮᠣᠷᠢᠨ ᠬᠤᠭᠤᠷ ᠤᠨ ᠴᠢᠭᠯᠡᠯ ᠦᠨ ᠠᠰᠫᠢᠷᠠᠨᠲ ᠤᠨ ᠵᠢᠯᠣᠭᠣᠳᠤᠭᠴᠢ ᠪᠠᠭᠰᠢ ᠂ 2010 ᠣᠨ ᠳᠤ ᠬᠥᠬᠡᠬᠣᠲᠠ ᠶᠢᠨ ᠦᠨᠳᠦᠰᠦᠲᠡᠨ ᠦ ᠳᠡᠭᠡᠳᠦ ᠰᠤᠷᠭᠠᠭᠤᠯᠢ ᠶᠢᠨ ᠣᠨᠴᠠ ᠤᠷᠢᠭᠰᠠᠨ ᠪᠠᠭᠰᠢ ᠃ 2009 ᠣᠨ ᠳᠤ ᠮᠣᠷᠢᠨ ᠬᠤᠭᠤᠷ ᠤᠨ ᠤᠷᠠᠯᠢᠭ ᠤᠨ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠦᠨ ᠤᠯᠠᠮᠵᠢᠯᠠᠭᠴᠢ ᠪᠣᠯᠤᠭᠰᠠᠨ ᠢᠶᠠᠷ ᠦᠯᠦ ᠪᠠᠷᠠᠮ ᠣᠳᠣ ᠰᠡᠷᠭᠦᠯᠡᠩ ᠂ ᠵᠢᠨ  ᠬᠠᠢ ᠂ ᠦᠯᠵᠡᠶᠢᠭᠡᠰᠢᠭ ᠂ ᠲᠡᠭᠰᠢᠪᠠᠶᠠᠷ ᠂ ᠬᠠᠶᠢᠷᠬᠠᠨ ᠵᠡᠷᠭᠡ ᠮᠣᠷᠢᠨ ᠬᠤᠭᠤᠷ ᠤᠨ ᠬᠥᠭᠵᠢᠮᠳᠡᠯᠭᠡ ᠪᠠ ᠣᠨᠣᠯ ᠰᠤᠳᠤᠯᠭᠠᠨ ᠤ ᠴᠢᠭᠯᠡᠯ ᠦᠨ ᠠᠰᠫᠢᠷᠠᠨᠲ ᠢ ᠬᠥᠮᠦᠵᠢᠭᠦᠯᠦᠭᠰᠡᠨ ᠪᠠᠶᠢᠨ᠎ᠠ ᠃

1981 ᠣᠨ ᠠᠴᠠ ᠡᠬᠢᠯᠡᠨ ᠠᠵᠢᠯ ᠤᠨ ᠱᠠᠭᠠᠷᠳᠠᠯᠭ᠎ᠠ ᠠᠴᠠ ᠪᠣᠯᠵᠤ ᠥᠪᠥᠷ ᠮᠣᠩᠭᠣᠯ ᠤᠨ ᠲᠧᠯᠸᠢᠰ ᠬᠤᠷᠢᠶᠠᠨ ᠤ ᠨᠠᠶᠢᠷᠠᠭᠤᠯᠤᠨ ᠤᠳᠤᠷᠢᠳᠬᠤ ᠠᠵᠢᠯ ᠢ ᠭᠠᠷᠳᠠᠨ ᠬᠢᠭᠰᠡᠨ ᠪᠥᠭᠡᠳ ᠥᠪᠥᠷ ᠮᠣᠩᠭᠣᠯ ᠤᠨ ᠣᠳᠣᠨ ᠲᠧᠯᠸᠢᠰ ᠢ ᠥᠯᠥᠭᠡᠢ  ᠡᠴᠡ  ᠨᠢ ᠡᠷ᠎ᠡ ᠶᠢᠨ ᠵᠡᠷᠭᠡ ᠳᠦ ᠬᠦᠷᠲᠡᠯ᠎ᠡ ᠴᠢᠷᠮᠠᠶᠢᠨ ᠵᠢᠳᠬᠦᠭᠰᠡᠨ ᠪᠢᠯᠡ ᠃ ᠨᠠᠩ ᠢᠯᠠᠩᠭᠤᠶ᠎ᠠ ᠤᠳᠬ᠎ᠠ ᠤᠷᠠᠯᠢᠭ ᠤᠨ ᠬᠡᠯᠲᠡᠰ ᠪᠠ ᠮᠣᠩᠭᠣᠯ ᠣᠳᠣᠨ ᠲᠧᠯᠸᠢᠰ ᠢ ᠡᠭᠦᠰᠬᠡᠨ ᠪᠠᠶᠢᠭᠤᠯᠬᠤ ᠪᠠ ᠬᠥᠭᠵᠢᠯᠲᠡ ᠳᠦ ᠥᠪᠡᠷ ᠦᠨ ᠠᠯᠢᠪᠠ ᠪᠠᠨ ᠵᠣᠷᠢᠭᠤᠯᠤᠭᠰᠠᠨ ᠪᠢᠯᠡ ᠃ ᠥᠪᠥᠷ ᠮᠣᠩᠭᠣᠯ ᠤᠨ ᠲᠧᠯᠸᠢᠰ ᠬᠤᠷᠢᠶᠠᠨ ᠳᠤ ᠠᠵᠢᠯᠯᠠᠭᠰᠠᠨ ᠬᠣᠷᠢᠭᠠᠳ ᠵᠢᠯ ᠦᠨ ᠲᠤᠷᠰᠢ ᠥᠪᠡᠷᠲᠡᠭᠡᠨ ᠵᠣᠬᠢᠶᠠᠨ ᠪᠠᠶᠢᠭᠤᠯᠵᠤ ᠂ ᠲᠥᠰᠦᠪᠯᠡᠨ ᠤᠳᠤᠷᠢᠳᠤᠨ ᠂ ᠬᠢᠨᠠᠨ ᠦᠢᠯᠡᠳᠦᠭᠰᠡᠨ ᠡᠯ᠎ᠡ ᠲᠥᠷᠥᠯ ᠦᠨ ᠪᠠᠷᠢᠮᠲᠠᠲᠤ ᠹᠢᠯᠢᠮ ᠵᠠᠭᠤ ᠭᠠᠷᠤᠢ ᠪᠠᠶᠢᠵᠤ ᠂ ᠡᠭᠦᠨ ᠳᠦ ᠥᠪᠡᠷᠲᠡᠭᠡᠨ ᠤᠳᠤᠷᠢᠳᠤᠨ ᠬᠢᠨᠠᠨ ᠦᠢᠯᠡᠳᠦᠭᠰᠡᠨ ᠤᠷᠠᠯᠢᠭ ᠤᠨ ᠲᠤᠰᠬᠠᠢ ᠰᠡᠳᠦᠪᠲᠦ ᠹᠢᠯᠢᠮ ︽ ᠲᠠᠯ᠎ᠠ ᠨᠤᠲᠤᠭ ᠲᠠᠭᠠᠨ ᠪᠤᠴᠠᠭᠰᠠᠨ ︾  ᠨᠢ ᠳᠤᠮᠳᠠᠳᠤ ᠤᠯᠤᠰ ᠤᠨ ᠷᠠᠳᠢᠣ᠋ ᠨᠡᠪᠲᠡᠷᠡᠭᠦᠯᠭᠡ ᠶᠢᠨ ᠳᠡᠭᠡᠳᠦ ᠰᠤᠷᠭᠠᠭᠤᠯᠢ ᠶᠢᠨ ᠲᠤᠰᠬᠠᠢ ᠮᠡᠷᠭᠡᠵᠢᠯ ᠦᠨ ᠵᠢᠭᠠᠨ ᠰᠤᠷᠭᠠᠯᠲᠠ ᠶᠢᠨ ᠹᠢᠯᠢᠮ ᠢᠶᠡᠷ ᠰᠣᠩᠭᠣᠭᠳᠠᠭᠰᠠᠨ ᠪᠠᠶᠢᠨ᠎ᠠ ᠃    ᠨᠠᠶᠢᠷᠠᠭᠤᠯᠤᠨ ᠤᠳᠤᠷᠢᠳᠤᠭᠰᠠᠨ ᠲᠤᠰᠬᠠᠢ ᠰᠡᠳᠦᠪᠲᠦ ᠰᠢᠷᠢᠰ ᠹᠢᠯᠢᠮ︽ ᠧᠩᠬᠢ ᠶᠢᠨ ᠵᠠᠩ ᠦᠢᠯᠡ ︾  ᠨᠢ 1981   1984 ᠣᠨ ᠤ ᠬᠣᠭᠣᠷᠣᠨᠳᠣ ᠪᠦᠬᠦ ᠤᠯᠤᠰ ᠤᠨ ᠣᠯᠠᠨ ᠤᠯᠤᠰ ᠤᠨ ᠰᠣᠯᠢᠯᠴᠠᠭᠠᠨ ᠤ ᠰᠢᠯᠢᠳᠡᠭ ᠹᠢᠯᠢᠮ ᠦᠨ ᠭᠤᠷᠪᠠᠳᠤᠭᠠᠷ ᠲᠠᠰ ᠤᠨ ᠱᠠᠩᠨᠠᠯ ᠬᠦᠷᠲᠡᠵᠡᠢ ᠃ ᠳᠠᠭᠤᠤ ᠬᠥᠭᠵᠢᠮ ᠤᠷᠠᠯᠢᠭ ᠤᠨ ᠹᠢᠯᠢᠮ ︽ ᠲᠠᠯ᠎ᠠ ᠨᠤᠲᠤᠭ ᠤᠨ ᠬᠡᠦᠬᠡᠳ ︾ ᠪᠣᠯᠤᠨ ᠦᠵᠡᠮᠵᠢ ᠶᠢᠨ ᠤᠷᠠᠯᠢᠭ ᠤᠨ ᠹᠢᠯᠢᠮ ︽ ᠬᠠᠳᠠᠭ ᠢ  ᠮᠢᠨᠢ ᠲᠣᠰᠤᠭᠠᠷᠠᠢ ! ᠡᠬᠡ ᠤᠯᠤᠰ  ᠮᠢᠨᠢ ︾ ᠲᠤᠰ ᠲᠤᠰ  ᠲᠠᠭᠠᠨ 1987 ᠣᠨ ᠪᠦᠬᠦ ᠤᠯᠤᠰ ᠤᠨ ᠵᠠᠯᠠᠭᠤ ᠪᠠᠭᠠᠴᠤᠳ ᠤᠨ ᠫᠷᠣᠹᠠᠮ ᠤᠨ ᠦᠵᠡᠭᠦᠯᠦᠯᠭᠡ ᠶᠢᠨ ᠱᠠᠩᠨᠠᠯ ᠪᠣᠯᠤᠨ ᠤᠯᠤᠰ ᠪᠠᠶᠢᠭᠤᠯᠤᠭᠳᠠᠭᠰᠠᠨ 40 ᠵᠢᠯ ᠦᠨ ᠣᠢ ᠶᠢᠨ ᠪᠦᠬᠦ ᠤᠯᠤᠰ ᠤᠨ ᠲᠧᠯᠸᠢᠰ ᠤᠷᠠᠯᠢᠭ ᠤᠨ ᠦᠵᠡᠭᠦᠯᠦᠯᠭᠡ ᠶᠢᠨ ᠭᠤᠷᠪᠠᠳᠤᠭᠠᠷ ᠲᠠᠰ ᠤᠨ ᠱᠠᠩᠨᠠᠯ ᠂ ᠥᠪᠡᠷᠲᠡᠭᠡᠨ ᠨᠠᠶᠢᠷᠠᠭᠤᠯᠤᠨ ᠤᠳᠤᠷᠢᠳᠤᠭᠰᠠᠨ ᠵᠢᠷᠭᠤᠭᠠᠨ ᠪᠦᠯᠦᠭᠲᠦ ᠬᠡᠦᠬᠡᠯᠳᠡᠢ ᠵᠦᠴᠦᠭᠡ ︽ ᠮᠣᠷᠢᠨ ᠬᠤᠭᠤᠷ ᠤᠨ ᠳᠣᠮᠣᠭ ︾  ᠨᠢ ᠪᠦᠬᠦ ᠤᠯᠤᠰ ᠤᠨ ︽ ᠠᠵᠢᠨᠠᠢ ︾ ᠱᠠᠩᠨᠠᠯ ᠤᠨ ᠬᠣᠶᠠᠳᠤᠭᠠᠷ ᠲᠠᠰ ᠢ ᠬᠦᠷᠲᠡᠵᠡᠢ ᠃ ᠮᠥᠨ ᠥᠪᠡᠷᠲᠡᠭᠡᠨ ᠨᠠᠶᠢᠷᠠᠭᠤᠯᠤᠨ ᠤᠳᠤᠷᠢᠳᠤᠭᠰᠠᠨ ᠤᠷᠠᠨ ᠰᠠᠶᠢᠬᠠᠨ ᠤ ᠲᠧᠯᠸᠢᠰ ᠦᠳᠡᠰᠢᠯᠡᠭᠡ ︽ ᠲᠠᠯ᠎ᠠ ᠨᠤᠲᠤᠭ ᠤᠨ ᠳᠣᠭᠳᠣᠯᠤᠯ ︾  ᠨᠢ ᠥᠪᠥᠷ ᠮᠣᠩᠭᠣᠯ ᠤᠨ ᠠᠩᠬᠠᠳᠤᠭᠠᠷ ᠬᠤᠭᠤᠴᠠᠭᠠᠨ ᠤ ᠲᠧᠯᠸᠢᠰ ᠤᠳᠬ᠎ᠠ ᠤᠷᠠᠯᠢᠭ ᠤᠨ ᠨᠢᠭᠡᠳᠦᠭᠡᠷ ᠲᠠᠰ ᠤᠨ ᠱᠠᠩᠨᠠᠯ ᠢ ᠬᠦᠷᠲᠡᠭᠰᠡᠨ ᠪᠠᠶᠢᠨ᠎ᠠ ᠃

ᠪᠦᠷᠢᠨ ᠨᠥᠬᠥᠷ ᠤᠷᠢᠳ ᠬᠣᠵᠢᠳ ᠥᠪᠥᠷ ᠮᠣᠩᠭᠣᠯ ᠤᠨ ᠲᠧᠯᠸᠢᠰ ᠬᠤᠷᠢᠶᠠᠨ ᠤ ᠪᠠᠶᠢᠩᠭᠤ ᠶᠢᠨ ᠳᠡᠳ᠋ ᠬᠤᠷᠢᠶᠠᠨ ᠳᠠᠷᠤᠭ᠎ᠠ ᠂ ᠳᠤᠮᠳᠠᠳᠤ ᠤᠯᠤᠰ ᠤᠨ ᠷᠠᠳᠢᠣ᠋ ᠲᠧᠯᠸᠢᠰ ᠬᠤᠷᠠᠯ ᠤᠨ ᠭᠡᠰᠢᠭᠦᠨ ᠂ ᠳᠤᠮᠳᠠᠳᠤ ᠤᠯᠤᠰ ᠤᠨ ᠲᠧᠯᠸᠢᠰ ᠤᠷᠠᠯᠢᠭᠴᠢᠨ ᠤ ᠨᠡᠶᠢᠭᠡᠮᠯᠢᠭ ᠦᠨ ᠭᠡᠰᠢᠭᠦᠨ ᠂ ᠥᠪᠥᠷ ᠮᠣᠩᠭᠣᠯ ᠤᠨ ᠲᠧᠯᠸᠢᠰ ᠤᠷᠠᠯᠢᠭᠴᠢᠨ ᠤ ᠨᠡᠶᠢᠭᠡᠮᠯᠢᠭ ᠦᠨ ᠪᠠᠶᠢᠩᠭᠤ ᠶᠢᠨ ᠬᠡᠷᠡᠭ ᠡᠷᠬᠢᠯᠡᠭᠴᠢ ᠂ ᠳᠤᠮᠳᠠᠳᠤ ᠤᠯᠤᠰ ᠤᠨ ᠲᠧᠯᠸᠢᠰ ᠳᠠᠭᠤᠤ ᠬᠥᠭᠵᠢᠮ ᠦᠨ ᠬᠤᠷᠠᠯ ᠤᠨ ᠭᠡᠰᠢᠭᠦᠨ ᠂ ᠥᠪᠥᠷ ᠮᠣᠩᠭᠣᠯ ᠤᠨ ᠳᠠᠭᠤᠤ ᠬᠥᠭᠵᠢᠮᠴᠢᠳ ᠦᠨ ᠨᠡᠶᠢᠭᠡᠮᠯᠢᠭ ᠦᠨ ᠳᠡᠳ᠋ ᠲᠡᠷᠢᠭᠦᠯᠡᠭᠴᠢ ᠪᠣᠯᠤᠨ ᠥᠪᠥᠷ ᠮᠣᠩᠭᠣᠯ ᠤᠨ ᠴᠤᠭᠤᠷ ᠤᠨ ᠨᠡᠶᠢᠭᠡᠮᠯᠢᠭ ᠦᠨ ᠳᠠᠷᠤᠭ᠎ᠠ ᠵᠡᠷᠭᠡ ᠨᠡᠶᠢᠭᠡᠮ ᠦᠨ ᠲᠤᠰᠢᠶᠠᠯ ᠲᠠᠢ ᠪᠠᠶᠢᠨ᠎ᠠ ᠃

ᠪᠦᠷᠢᠨ ᠨᠥᠬᠥᠷ ᠪᠣᠯ ᠮᠣᠩᠭᠣᠯ ᠦᠨᠳᠦᠰᠦᠲᠡᠨ ᠦ ᠮᠣᠷᠢᠨ ᠬᠤᠭᠤᠷ ᠤᠨ ᠤᠯᠠᠮᠵᠢᠯᠠᠯᠲᠤ ᠲᠠᠲᠠᠯᠠᠭ᠎ᠠ ᠳᠠᠷᠤᠯᠠᠭ᠎ᠠ ᠶᠢ ᠪᠦᠷᠢᠮᠦᠰᠦᠨ ᠡᠵᠡᠮᠰᠢᠭᠰᠡᠨ ᠪᠥᠭᠡᠳ ᠭᠤᠷᠪᠠᠨ ᠵᠦᠢᠯ ᠦᠨ ᠬᠥᠭ ᠲᠣᠭᠲᠠᠪᠤᠷᠢᠵᠢᠭᠤᠯᠤᠯ ᠪᠣᠯᠤᠨ ᠲᠠᠪᠤᠨ ᠵᠦᠢᠯ ᠦᠨ ᠳᠠᠷᠤᠯᠭ᠎ᠠ ᠶᠢᠨ ᠰᠢᠰᠲ᠋ᠧᠮ ᠢ ᠭᠦᠨᠵᠡᠭᠡᠢ ᠰᠤᠳᠤᠯᠤᠭᠰᠠᠨ ᠮᠥᠷᠲᠡᠭᠡᠨ ᠤᠯᠠᠮᠵᠢᠯᠠᠯᠲᠤ ᠬᠢᠭᠡᠳ ᠣᠳᠣᠬᠢ ᠂ ᠠᠷᠠᠳ ᠤᠨ ᠬᠢᠭᠡᠳ ᠮᠡᠷᠭᠡᠵᠢᠯ ᠦᠨ ᠂ ᠣᠨᠣᠯ ᠬᠢᠭᠡᠳ ᠦᠢᠯᠡᠳᠦᠯᠭᠡ ᠶᠢ ᠨᠢᠭᠡᠳᠬᠡᠭᠰᠡᠨ ᠲᠠᠷᠬᠠᠨ ᠮᠣᠷᠢᠨ ᠬᠤᠭᠤᠷᠴᠢᠨ ᠪᠣᠯᠤᠨ᠎ᠠ ᠃

5

MP3 ᠳᠠᠭᠤᠤ

ᠪᠠᠭᠠᠲᠤᠷᠯᠢᠭ ᠲᠤᠤᠯᠢ

ᠳᠡᠭᠷᠢ ᠮᠡᠳᠤ

ᠵᠦᠰᠡᠷᠠᠢ

ᠮᠦᠴᠡᠷᠠᠢ

ᠮᠡᠳᠡᠷᠡᠶᠢᠮ᠎ᠠ

ᠵᠢᠦ ᠱᠢ ᠯᠢᠩ

ᠤᠷᠪᠠᠭᠤ ᠬᠥᠭ ᠦᠨ ᠨᠠᠢᠮᠠᠨ ᠠᠶᠠᠯᠠᠭᠤ

ᠲᠥᠪ ᠬᠥᠭ ᠦᠨ ᠨᠠᠢᠮᠠᠨ ᠠᠶᠠᠯᠠᠭᠤ

ᠰᠤᠯᠠ ᠬᠥᠭ ᠦᠨ ᠨᠠᠢᠮᠠᠨ ᠠᠶᠠᠯᠠᠭᠤ

ᠵᠠᠳᠠᠭᠠᠢ ᠬᠥᠭ ᠦᠨ ᠠᠶᠠᠯᠠᠭᠤ

ᠯᠥᠸᠧ ᠮᠧᠢ ᠪᠥᠭᠡᠷ᠎ᠡ

ᠳᠠᠨᠠᠪᠠᠯ

ᠪᠠ ᠶᠦᠸᠧ ᠯᠢᠩ

ᠳᠠᠮᠠᠷᠤ ᠬᠠᠲᠠ

ᠪᠦᠮᠪᠢ ᠶᠢᠨ ᠰᠢᠯᠢ

ᠭᠠᠯᠠᠭᠤ

ᠾᠧ ᠶᠢᠩ ᠬᠤᠸᠠᠷ

ᠪᠢᠩᠲᠦ ᠸᠠᠩ

ᠶᠤᠳᠪᠠᠢ ᠠᠰᠠᠷᠣ

ᠴᠠᠭᠠᠨ ᠬᠥᠭ ᠦᠨ ᠠᠳᠤᠭᠤᠴᠢᠨ ᠠᠰᠠᠷᠤ

ᠲᠠᠶᠢᠪᠤᠰᠧ ᠠᠰᠠᠷᠤ

ᠮᠢᠩᠭᠠᠨ ᠠᠰᠠᠷᠤ

ᠭᠦᠯᠦ ᠴᠠᠭᠠᠨ ᠠᠰᠠᠷᠤ

ᠭᠤᠷᠪᠠᠨ ᠠᠴᠢᠲᠤ

ᠴᠠᠭᠠᠨ ᠬᠥᠭ ᠦᠨ ᠨᠠᠢᠮᠠᠨ ᠠᠶᠠᠯᠠᠭᠤ

ᠰᠣᠯᠣᠭᠠᠢ ᠬᠥᠭ ᠦᠨ ᠨᠠᠢᠮᠠᠨ ᠠᠶᠠᠯᠠᠭᠤ

ᠬᠠᠷ᠎ᠠ ᠲᠣᠷᠭᠠᠨ ᠬᠠᠨᠵᠢᠶᠠᠷ ᠬᠢᠭᠡᠳ ᠳᠤᠭᠤᠢ ᠮᠠᠯᠠᠭᠠᠢ

ᠪᠠᠶᠠᠨ ᠬᠠᠩᠭᠠᠢ

ᠵᠤᠨᠤᠨ

ᠰᠡᠷᠢᠭᠦᠨ ᠰᠠᠶᠢᠬᠠᠨ ᠬᠠᠩᠭᠠᠢ

ᠨᠤᠲᠤᠭ ᠢᠶᠠᠨ ᠰᠠᠨᠠᠭᠰᠠᠨ ᠠᠶ᠎ᠠ

ᠠᠭᠤᠯᠠ ᠤᠰᠤᠨ ᠤ ᠮᠠᠭᠲᠠᠭᠠᠯ

ᠨᠠᠢᠮᠠᠨ ᠠᠷᠰᠯᠠᠩᠲᠤ

ᠬᠦᠦᠷᠨᠢᠯ ᠠᠶ᠎ᠠ

ᠭᠣᠪᠢ ᠶᠢᠨ ᠥᠨᠳᠥᠷᠯᠢᠭ ᠲᠦ

ᠮᠥᠷᠥᠭᠡᠳᠦᠯ

ᠰᠢᠭᠦᠮᠵᠢ ᠦᠯᠡᠳᠡᠭᠡᠬᠦ