• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 4  8 ᠰᠧᠷᠠᠰᠢ  ᠶᠢᠨ ᠨᠠᠮᠲᠠᠷ ᠪᠠ ᠬᠥᠭᠵᠢᠮᠳᠡᠭᠰᠡᠨ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   46
 • ᠄   0
 • ᠄   0
 • ᠄  0

ᠰᠸᠷᠠᠰᠢ  ᠂ ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠴᠤᠭᠤᠷ ᠤᠨ ᠶᠡᠬᠡ ᠪᠠᠭᠰᠢ ᠂ ᠠᠯᠳᠠᠷᠲᠤ ᠰᠤᠷᠭᠠᠨ ᠬᠥᠮᠦᠵᠢᠯᠲᠡᠨ ᠃ 1887 ᠣᠨ ᠳᠤ ᠥᠪᠥᠷ ᠮᠣᠩᠭᠣᠯ ᠤᠨ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ ᠳᠤ ᠨᠢᠭᠡᠨ ᠶᠠᠳᠠᠭᠤᠯᠢᠭ ᠠᠮᠢᠳᠤᠷᠠᠯ ᠲᠠᠢ ᠮᠠᠯᠴᠢᠨ ᠤ ᠬᠥᠪᠡᠭᠦᠨ ᠪᠣᠯᠵᠤ ᠵᠠᠶᠠᠭᠠᠪᠠ ᠃ ᠬᠡᠦᠬᠡᠳ ᠪᠠᠭ᠎ᠠ ᠶᠢᠨ ᠦᠶ᠎ᠡ ᠳᠡᠭᠡᠨ ᠡᠴᠢᠭᠡ ᠡᠪᠦᠭᠡ ᠵᠡᠷᠭᠡ ᠬᠡᠳᠦᠨ ᠦᠶ᠎ᠡ ᠶᠢᠨ ᠳᠡᠭᠡᠳᠦᠰ ᠡᠴᠡ ᠪᠡᠨ ᠳᠠᠭᠤᠤ ᠬᠥᠭᠵᠢᠮ ᠦᠨ ᠰᠢᠯᠢᠳᠡᠭ ᠰᠠᠶᠢᠨ ᠬᠥᠮᠦᠵᠢᠯ ᠬᠦᠷᠲᠡᠵᠦ 13 ᠨᠠᠰᠤᠨ  ᠡᠴᠡ  ᠪᠠᠨ ᠣᠯᠠᠨ ᠤ ᠳᠤᠮᠳᠠ ᠬᠤᠭᠤᠷᠳᠠᠵᠤ ᠴᠤᠭᠤᠷᠳᠠᠬᠤ ᠪᠣᠯᠵᠠᠢ ᠃ 21 ᠨᠠᠰᠤᠨ ᠳᠠᠭᠠᠨ ᠬᠡᠷ ᠡᠴᠡ ᠪᠡᠨ ᠰᠠᠯᠵᠤ ᠮᠣᠷᠢᠨ ᠰᠦᠮ᠎ᠡ ᠳᠦ ᠪᠠᠨᠳᠢ ᠪᠣᠯᠬᠤ ᠶᠢᠨ ᠳᠠᠭᠠᠤ ᠠᠷᠠᠳ ᠤᠨ ᠤᠷᠠᠯᠢᠭᠴᠢᠨ ᠷᠢᠨᠴᠢᠨ ᠳᠦ ᠱᠠᠪᠢ ᠣᠷᠣᠪᠠ ᠃ 1911 ᠣᠨ ᠳᠤ ᠠᠷᠠᠳ ᠤᠨ ᠲᠤᠰᠬᠠᠢ ᠤᠷᠠᠯᠢᠭᠴᠢᠨ ᠪᠣᠯᠵᠤ ᠬᠣᠷᠴᠢᠨ ᠨᠤᠲᠤᠭ ᠢᠶᠠᠷ ᠬᠡᠰᠦᠭᠦᠴᠢᠯᠡᠨ ᠲᠣᠭᠣᠷᠢᠵᠠᠢ ᠃ ᠶᠠᠫᠣᠨ ᠮᠠᠨᠵᠤ ᠶᠢᠨ ᠦᠶ᠎ᠡ ᠳᠦ ᠵᠡᠭᠦᠨ ᠮᠣᠩᠭᠣᠯ ᠤᠨ ᠠᠷᠠᠳ ᠤᠨ ᠤᠷᠠᠯᠢᠭᠴᠢᠳ ᠤᠨ ᠪᠦᠯᠬᠦᠮ ᠳᠦ ᠲᠣᠮᠢᠯᠠᠭᠳᠠᠨ ᠶᠠᠫᠣᠨ ᠤᠯᠤᠰ ᠲᠤ ᠲᠣᠭᠯᠠᠬᠤ ᠶᠢᠨ ᠬᠠᠮᠲᠤ ᠮᠠᠰᠢ ᠣᠯᠠᠨ ᠰᠢᠯᠢᠳᠡᠭ ᠰᠠᠶᠢᠬᠠᠨ ᠠᠷᠠᠳ ᠤᠨ ᠬᠥᠭᠵᠢᠮ ᠢ ᠬᠤᠭᠤᠷᠳᠠᠨ ᠰᠢᠩᠭᠡᠭᠡᠯᠲᠡ ᠭᠡᠵᠡᠢ ᠃ 1948 ᠣᠨ ᠳᠤ ᠥᠪᠥᠷ ᠮᠣᠩᠭᠣᠯ ᠤᠨ ᠳᠠᠭᠤᠤ ᠬᠥᠭᠵᠢᠮ ᠦᠨ ᠪᠦᠯᠬᠦᠮ ᠳᠦ ᠡᠯᠰᠡᠭᠳᠡ ᠮᠡᠷᠭᠡᠵᠢᠯ ᠦᠨ ᠬᠥᠭᠵᠢᠮᠴᠢᠨ ᠪᠣᠯᠵᠠᠢ ᠃ 1957 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠪᠠᠭᠰᠢᠯᠠᠭᠰᠠᠨ ᠠᠴᠠ ᠬᠣᠶᠢᠰᠢ ᠴᠢ‍᠊ ᠂ ᠣᠳᠬᠣᠨᠪᠠᠶᠠᠷ ᠂ ᠰᠠᠩᠳᠦᠭᠦᠷᠡᠩ ᠵᠡᠷᠭᠡ ᠠᠯᠳᠠᠷᠲᠤ ᠰᠤᠷᠭᠠᠨ ᠬᠥᠮᠦᠵᠢᠯᠲᠡᠨ ᠪᠣᠯᠤᠨ ᠬᠥᠭᠵᠢᠮᠴᠢᠨ ᠢ ᠬᠥᠮᠦᠵᠢᠭᠦᠯᠵᠡᠢ ᠃ 20 ᠳ᠋ᠤᠭᠠᠷ ᠵᠠᠭᠤᠨ ᠤ ᠵᠢᠷᠠᠭᠠᠳ ᠣᠨ ᠢᠶᠠᠷ ᠪᠡᠭᠡᠵᠢᠩ ᠳᠦ ᠡᠷᠳᠡᠮ ᠰᠢᠨᠵᠢᠯᠡᠭᠡᠨ ᠦ ᠢᠯᠡᠳᠬᠡᠯ ᠬᠢᠬᠦ ᠶᠢᠨ ᠳᠠᠭᠠᠤ ᠳᠠᠭᠤᠤ ᠬᠥᠭᠵᠢᠮ ᠢ ᠬᠤᠭᠤᠷᠳᠠᠨ ᠰᠢᠩᠭᠡᠭᠰᠡᠨ ᠪᠠᠶᠢᠨ᠎ᠠ ᠃ 1968 ᠣᠨ ᠳᠤ ︽ ᠰᠣᠶᠣᠯ  ᠤᠨ ᠶᠡᠬᠡ ᠬᠤᠪᠢᠰᠬᠠᠯ ︾ ᠤᠨ ᠲᠠᠮᠤᠯᠠᠯ ᠢ ᠲᠡᠰᠪᠦᠷᠢᠯᠡᠵᠦ ᠡᠰᠡ ᠳᠡᠶᠢᠯᠦᠭᠡᠳ ᠶᠢᠷᠲᠢᠨᠴᠦ ᠡᠴᠡ ᠠᠩᠭᠢᠵᠢᠷᠠᠪᠠ ᠃ ᠲᠡᠷᠡ ᠮᠣᠩᠭᠣᠯ ᠠᠷᠠᠳ ᠤᠨ ᠳᠠᠭᠤᠤ ᠪᠣᠯᠤᠨ ᠪᠠᠭᠠᠲᠤᠷᠯᠢᠭ ᠲᠤᠤᠯᠢ ᠶᠢ ᠮᠠᠰᠢ ᠴᠢᠳᠠᠪᠤᠷᠢᠯᠠᠭ ᠬᠥᠭᠵᠢᠮᠳᠡᠳᠡᠭ ᠪᠢᠯᠡ ᠃ ︽ ᠨᠠᠷᠠᠨᠴᠢᠮᠡᠭ ︾ ᠂ ︽ ᠨᠠᠢᠮᠠᠨ ᠠᠶᠠᠯᠭᠤ ︾ ᠂ ︽ᠵᠦᠰᠡᠷᠠᠢ  ︾ ᠂ ︽ ᠪᠣᠮᠪᠣ ᠶᠢᠨ ᠰᠢᠯᠢ ︾ ᠂ ︽ ᠬᠠᠶᠢᠯᠤᠨᠭ ︾ ᠵᠡᠷᠭᠡ ᠪᠣᠯ ᠲᠡᠭᠦᠨ ᠦ ᠮᠠᠰᠢ ᠰᠠᠶᠢᠬᠠᠨ ᠬᠥᠭᠵᠢᠮᠳᠡᠳᠡᠭ ᠳᠠᠭᠤᠤ ᠬᠥᠭᠵᠢᠮ ᠦᠳ ᠪᠣᠯᠬᠤ ᠶᠤᠮ ᠃ ᠲᠡᠷᠡ ᠂ ᠳᠤᠮᠳᠠᠳᠤ ᠤᠯᠤᠰ ᠤᠨ ᠳᠠᠭᠤᠤ ᠬᠥᠭᠵᠢᠮᠴᠢᠳ ᠦᠨ ᠨᠡᠶᠢᠭᠡᠮᠯᠢᠭ ᠦᠨ ᠲᠡᠷᠢᠭᠦᠯᠡᠭᠴᠢ ᠂ ᠥᠪᠥᠷ ᠮᠣᠩᠭᠣᠯ ᠤᠨ ᠳᠠᠭᠤᠤ ᠬᠥᠭᠵᠢᠮ ᠦᠨ ᠨᠡᠶᠢᠭᠡᠮᠯᠢᠭ  ᠦᠨ ᠲᠡᠷᠢᠭᠦᠯᠡᠭᠴᠢ ᠂ ᠥᠪᠥᠷ ᠮᠣᠩᠭᠣᠯ ᠤᠨ ᠤᠳᠬ᠎ᠠ ᠤᠷᠠᠯᠢᠭ ᠤᠨ ᠬᠢᠨ ᠦ ᠬᠣᠯᠪᠣᠭ᠎ᠠ ᠶᠢᠨ ᠳᠡᠳ᠋ ᠲᠡᠷᠢᠭᠦᠯᠡᠭᠴᠢ ᠪᠠᠶᠢᠵᠠᠢ ᠃

111

MP3 ᠳᠠᠭᠤᠤ

ᠪᠠᠪᠤᠷ ᠠᠰᠠᠷ

ᠶᠤᠸᠠᠨ ᠶᠠᠩ ᠺᠧᠦ

ᠫᠦ᠋  ᠶᠢᠨ ᠵᠧᠦ

ᠾᠧ ᠶᠢᠩ ᠬᠤᠸᠠᠷ

ᠮᠡᠳᠡᠷᠠᠢᠢᠮ᠎ᠠ

ᠲᠡᠭᠷᠢ ᠮᠠᠨᠳᠤ

ᠲᠡᠭᠷᠢ ᠶᠢᠨ ᠰᠠᠯᠬᠢ

ᠭᠠᠯᠠᠭᠤ

ᠪᠤᠮᠪᠠᠨ ᠰᠢᠯᠢ

ᠵᠦᠰᠡᠷᠠᠢ

ᠮᠦᠰᠡᠷᠠᠢ

ᠳᠥᠷᠪᠡᠨ ᠴᠠᠭ

ᠲᠤᠤᠯᠢᠰ ᠤᠨ ᠴᠠᠭ

ᠲᠣᠭᠲᠠᠬᠤ ᠪᠠᠭᠠᠲᠤᠷ

ᠭᠠᠳᠠ ᠮᠡᠶᠢᠷᠡᠨ

ᠬᠠᠨ ᠰᠢᠤ ᠶᠢᠩ

ᠷᠤᠯᠭᠠᠷᠮ᠎ᠠ

ᠨᠤᠭᠤᠨᠵᠠᠶᠠᠭ᠎ᠠ

ᠲᠠᠬᠤᠸᠠᠷ

ᠵᠢᠭᠠᠬᠠᠨ ᠬᠣᠩᠭᠣᠷ

ᠰᠢᠭᠦᠮᠵᠢ ᠦᠯᠡᠳᠡᠭᠡᠬᠦ