• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 4  9 ᠴᠢ  ᠤᠤᠡᠬᠤᠨᠪᠠᠶᠠᠷ  ᠤᠨ ᠨᠠᠮᠲᠠᠷ ᠪᠠ ᠬᠥᠭᠵᠢᠮᠳᠡᠭᠰᠡᠨ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   45
 • ᠄   0
 • ᠄   0
 • ᠄  0

ᠴᠢ‍᠊ ᠣᠳᠬᠣᠨᠪᠠᠶᠠᠷ

ᠡᠷᠡᠭᠲᠡᠢ ᠂ ᠮᠣᠩᠭᠣᠯ ᠦᠨᠳᠦᠰᠦᠲᠡᠨ ᠂ ᠠᠯᠳᠠᠷᠲᠤ ᠴᠣᠭᠣᠷᠴᠢᠨ ᠪᠥᠭᠡᠳ ᠠᠯᠳᠠᠷᠲᠤ ᠮᠣᠷᠢᠨ ᠬᠤᠭᠤᠷ ᠤᠨ ᠶᠡᠬᠡ ᠪᠠᠭᠰᠢ ᠃ 1938 ᠣᠨ ᠳᠤ ᠥᠪᠥᠷ ᠮᠣᠩᠭᠣᠯ ᠤᠨ ᠵᠠᠷᠤᠳ ᠬᠣᠰᠢᠭᠤᠨ ᠳᠤ ᠨᠢᠭᠡᠨ ᠶᠠᠳᠠᠭᠤᠯᠢᠭ ᠠᠮᠢᠳᠤᠷᠠᠯ ᠲᠠᠢ ᠮᠠᠯᠴᠢᠨ ᠤ ᠬᠥᠪᠡᠭᠦᠨ ᠪᠣᠯᠵᠤ ᠵᠠᠶᠠᠭᠠᠪᠠ ᠃ 1957 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠰᠢᠯᠭᠠᠨ ᠣᠷᠣᠭᠠᠳ ᠠᠯᠳᠠᠷᠲᠤ ᠴᠣᠭᠣᠷᠴᠢᠨ ᠰᠡᠷᠡᠰᠢ ᠠᠪᠤᠭᠠᠢ ᠠᠴᠠ ᠴᠤᠭᠤᠷ ᠰᠤᠷᠪᠠ ᠃ 1960 ᠣᠨ ᠳᠤ ᠰᠤᠷᠤᠯᠭ᠎ᠠ  ᠪᠠᠨ ᠲᠡᠭᠦᠰᠦᠭᠡᠳ ᠰᠤᠷᠭᠠᠭᠤᠯᠢ ᠳᠠᠭᠠᠨ ᠪᠠᠭᠰᠢᠯᠠᠬᠤ ᠶᠢᠨ ᠳᠠᠭᠠᠤ ᠠᠯᠳᠠᠷᠲᠤ ᠮᠣᠷᠢᠨ ᠬᠤᠭᠤᠷᠴᠢᠨ ᠪᠠᠯᠭᠠᠨ ᠠᠴᠠ ᠮᠣᠷᠢᠨ ᠬᠤᠭᠤᠷ ᠰᠤᠷᠴᠠᠢ ᠃ 1964 ᠣᠨ ᠳᠤ ᠪᠠᠷᠠᠭᠤᠨ ᠦᠵᠦᠮᠦᠴᠢᠨ ᠬᠣᠰᠢᠭᠤᠨ ᠤ ᠤᠯᠠᠭᠠᠨᠮᠥᠴᠢᠷ ᠲᠦ ᠠᠵᠢᠯ ᠰᠢᠯᠵᠢᠵᠡᠢ ᠃ ︽ ᠰᠣᠶᠣᠯ ᠤᠨ ᠶᠡᠬᠡ ᠬᠤᠪᠢᠰᠬᠠᠯ ︾ ᠤᠨ ᠳᠤᠮᠳᠠ ᠬᠠᠰᠢᠷᠠᠲᠠᠯ᠎ᠠ ᠲᠠᠷᠴᠢᠯᠭᠠᠭᠳᠠᠨ 10 ᠵᠢᠯ ᠮᠠᠯ ᠬᠠᠷᠢᠭᠤᠯᠪᠠ ᠃ 1977 ᠣᠨ ᠳᠤ ᠥᠪᠥᠷ ᠮᠣᠩᠭᠣᠯ ᠤᠨ ᠤᠷᠠᠯᠢᠭ ᠤᠨ ᠰᠤᠷᠭᠠᠭᠤᠯᠢ ᠳᠤ ᠲᠡᠭᠦᠨ ᠢ ᠪᠤᠴᠠᠭᠠᠨ ᠠᠪᠴᠢᠷᠠᠭᠠᠳ ᠮᠣᠷᠢᠨ ᠬᠤᠭᠤᠷ ᠤᠨ ᠪᠠᠭᠰᠢ ᠶᠢᠨ ᠠᠵᠢᠯ ᠢ  ᠨᠢ ᠰᠡᠷᠭᠦᠭᠡᠵᠦ ᠥᠭᠴᠡᠢ ᠃ 1987 ᠣᠨ ᠳᠤ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠤᠷᠠᠯᠢᠭ ᠤᠨ ᠳᠡᠭᠡᠳᠦ ᠰᠤᠷᠭᠠᠭᠤᠯᠢ ᠳᠤ ᠮᠣᠷᠢᠨ ᠬᠤᠭᠤᠷ ᠪᠠ ᠴᠤᠭᠤᠷ ᠤᠨ ᠮᠡᠷᠭᠡᠵᠢᠯ ᠢᠶᠡᠷ ᠪᠠᠭᠰᠢᠯᠠᠵᠤ 2002 ᠣᠨ ᠳᠤ ᠨᠠᠰᠤ ᠨᠥᠭᠴᠢᠪᠡ ᠃ ᠲᠡᠷᠡ ᠪᠣᠯ ᠴᠤᠭᠤᠷ ᠤᠨ ᠰᠢᠯᠭᠠᠷᠠᠭᠰᠠᠨ ᠵᠠᠯᠭᠠᠮᠵᠢᠯᠠᠭᠴᠢ ᠮᠥᠨ ᠪᠥᠭᠡᠳ ᠤᠯᠠᠮᠵᠢᠯᠠᠭᠴᠢ ᠪᠣᠯᠬᠤ ᠶᠤᠮ ᠃ ᠴᠤᠭᠤᠷ ᠤᠨ ᠬᠥᠭᠵᠢᠮᠳᠡᠬᠦ ᠠᠷᠭ᠎ᠠ ᠶᠢ ᠪᠦᠲᠦᠭᠡᠯᠴᠢ ᠪᠡᠷ ᠵᠠᠯᠭᠠᠮᠵᠢᠯᠠᠨ ᠠᠪᠴᠤ ᠮᠥᠬᠥᠯ  ᠡᠴᠡ ᠠᠪᠤᠷᠠᠭᠰᠠᠨ ᠲᠡᠳᠦᠢ ᠦᠭᠡᠢ ᠣᠪᠣᠭ᠎ᠠ ᠂ ᠤᠶᠤᠨᠭᠡᠷᠡᠯ ᠂ ᠪᠦᠷᠢᠨᠲᠡᠭᠦᠰ ᠂ ᠡᠷᠳᠡᠨᠢᠰᠦᠬᠡ ᠂  ᠂  ᠰᠣᠳᠣᠪᠢᠯᠢᠭ  ᠵᠡᠷᠭᠡ ᠠᠯᠢ ᠣᠯᠠᠨ ᠰᠢᠯᠢᠳᠡᠭ ᠮᠣᠷᠢᠨ ᠬᠤᠭᠤᠷᠴᠢᠨ ᠂ ᠴᠣᠭᠣᠷᠴᠢᠨ ᠬᠢᠭᠡᠳ ᠪᠠᠭᠰᠢ ᠶᠢᠨ ᠬᠦᠴᠦᠨ ᠢ ᠬᠥᠮᠦᠵᠢᠭᠦᠯᠦᠭᠰᠡᠨ ᠶᠤᠮ ᠃

ᠴᠢ‍᠊ ᠂ ᠣᠳᠬᠣᠨᠪᠠᠶᠠᠷ ︽ ᠮᠠᠩᠭᠤᠰ ︾ ᠂ ︽ ᠮᠥᠷᠥᠭᠡᠳᠦᠯ ︾ ᠂ ︽ ᠳᠤᠷᠠᠰᠤᠮᠵᠢ ︾ ᠵᠡᠷᠭᠡ ᠮᠠᠰᠢ ᠣᠯᠠᠨ ᠮᠣᠷᠢᠨ ᠬᠤᠭᠤᠷ ᠤᠨ ᠭᠣᠴᠣᠯᠠᠯ ᠠᠶᠠᠯᠭᠤ ᠵᠣᠬᠢᠶᠠᠭᠰᠠᠨ ᠪᠥᠭᠡᠳ ︽ ᠠᠯᠢᠮ᠎ᠠ ︾ ᠵᠡᠷᠭᠡ ᠺᠢᠨᠣ᠋ ᠤᠨ ᠴᠤᠭᠤᠷ ᠤᠨ ᠠᠶᠠᠯᠭᠤ ᠶᠢ ᠬᠥᠭᠵᠢᠮᠳᠡᠨ ᠰᠢᠩᠭᠡᠭᠡᠬᠦ ᠠᠵᠢᠯ ᠢ ᠴᠣ ᠪᠡᠶᠡᠯᠡᠭᠦᠯᠦᠭᠰᠡᠨ ᠪᠢᠯᠡ ᠃ ᠲᠡᠷᠡ ᠠᠮᠢᠳᠤ ᠰᠡᠷᠡᠭᠦᠨ ᠪᠠᠶᠢᠬᠤ ᠳᠠᠭᠠᠨ ᠳᠤᠮᠳᠠᠳᠤ ᠤᠯᠤᠰ ᠤᠨ ᠳᠠᠭᠤᠤ ᠬᠥᠭᠵᠢᠮ ᠦᠨ ᠨᠡᠶᠢᠭᠡᠮᠯᠢᠭ ᠦᠨ ᠭᠡᠰᠢᠭᠦᠨ ᠪᠠᠶᠢᠵᠠᠢ ᠃ ᠳᠤᠮᠳᠠᠳᠤ ᠤᠯᠤᠰ ᠤᠨ ᠮᠣᠷᠢᠨ ᠬᠤᠭᠤᠷ ᠤᠨ ᠡᠷᠳᠡᠮ ᠰᠢᠨᠵᠢᠯᠡᠭᠡᠨ ᠦ ᠨᠡᠶᠢᠭᠡᠮᠯᠢᠭ ᠦᠨ ᠲᠡᠷᠢᠭᠦᠯᠡᠭᠴᠢ ᠂ ᠥᠪᠥᠷ ᠮᠣᠩᠭᠣᠯ ᠤᠨ ᠳᠠᠭᠤᠤ ᠬᠥᠭᠵᠢᠮ ᠦᠨ ᠨᠡᠶᠢᠭᠡᠮᠯᠢᠭ ᠦᠨ ᠭᠡᠰᠢᠭᠦᠨ ᠃

1-11

 

MP3 ᠳᠠᠭᠤᠤ

ᠳᠥᠷᠪᠡᠨ ᠴᠠᠭ

ᠤᠶᠤᠨᠽᠠᠨᠳᠠᠨ

ᠪᠠᠪᠤᠷ ᠠᠰᠠᠷ

ᠲᠣᠭᠲᠠᠬᠤ ᠪᠠᠭᠠᠲᠤᠷ

ᠷᠣᠯᠭᠠᠷᠮ᠎ᠠ

ᠲᠡᠭᠷᠢ ᠮᠡᠲᠦ

ᠥᠨᠥᠴᠢᠨ ᠴᠠᠭᠠᠨ ᠪᠣᠲᠣᠭᠣ

ᠮᠠᠩᠭᠤᠰ

ᠲᠡᠭᠷᠢ ᠶᠢᠨ ᠰᠠᠯᠬᠢ

ᠪᠠᠶᠠᠨ ᠲᠠᠷᠢᠶ᠎ᠠ

ᠪᠠᠯᠵᠢᠨᠨᠢᠮ᠎ᠠ ᠵᠠᠭᠠᠨ᠎ᠠ

ᠳ᠋ᠦᠩ ᠱᠠᠨ ᠬᠡ ᠬᠡ

ᠳ᠋ᠠ ᠱᠠᠩ ᠯᠢᠩ

ᠾᠧ ᠶᠢᠨ ᠬᠤᠸᠠᠷ

ᠪᠠᠢ ᠰᠣ ᠬᠡ ᠬᠡ

ᠵᠢᠩᠵᠦᠦᠷ

ᠮᠦᠰᠡᠷᠠᠢ

ᠰᠥᠮᠥᠷᠦ ᠠᠩᠭ᠎ᠠ

ᠰᠢᠭᠦᠮᠵᠢ ᠦᠯᠡᠳᠡᠭᠡᠬᠦ