• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 4  10 ᠮᠦ  ᠪᠦᠷᠢᠨᠴᠤᠭᠯᠨ ᠵᠢᠨ ᠴᠤᠭᠤᠷ ᠲᠠᠭᠤᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   43
 • ᠄   0
 • ᠄   0
 • ᠄  0

ᠵᠢᠷᠤᠭ

111

 

ᠦᠰᠦᠭ ᠦᠨ ᠲᠠᠨᠢᠯᠴᠠᠭᠤᠯᠭ᠎ᠠ

ᠰᠢᠱᠤ ᠮᠡᠶᠢᠷᠡᠨ

ᠰᠢᠯ ᠦᠨ ᠵᠢᠩᠰᠡ ᠲᠡᠢ ᠡᠴᠡ ᠰᠢᠱᠤ ᠮᠡᠶᠢᠷᠡᠨ ᠠ ᠬᠥᠢ  ᠨᠢ ᠶᠠ ᠂

ᠴᠡᠷᠢᠭ ᠬᠤᠶᠠᠭ ᠢᠶᠠᠨ ᠳᠠᠭᠠᠭᠤᠯᠤᠭᠠᠳ ᠮᠣᠷᠳᠠᠨ ᠭᠠᠷᠤᠯ᠎ᠠ ᠬᠥᠢ ᠃

ᠴᠡᠪᠡᠷᠬᠡᠨ ᠴᠣ ᠲᠥᠷᠥᠭᠰᠡᠨ ᠴᠡᠴᠡᠭ ᠬᠠᠳᠤᠨ  ᠨᠢ ᠬᠥᠢ ᠠ ᠬᠥᠢ  ᠨᠢ ᠶᠠ ᠂

ᠰᠢᠯᠢᠨ ᠴᠣᠩᠬᠣᠨ ᠤ ᠬᠠᠵᠠᠭᠤ ᠳᠠᠭᠠᠨ ᠵᠣᠭᠰᠣᠭᠠᠳ ᠮᠣᠷᠳᠠᠭᠤᠯᠵᠤ ᠪᠠᠶᠢᠨ᠎ᠠ ᠃

ᠬᠥᠬᠡ ᠴᠣ ᠵᠢᠩᠰᠡ ᠲᠡᠢ ᠡᠴᠡ ᠰᠢᠱᠤ ᠮᠡᠶᠢᠷᠡᠨ ᠠ ᠬᠥᠢ  ᠨᠢ ᠶᠠ ᠂

ᠬᠤᠶᠠᠭ ᠴᠡᠷᠢᠭ ᠢᠶᠡᠨ ᠳᠠᠭᠠᠭᠤᠯᠤᠭᠠᠳ ᠮᠣᠷᠳᠠᠨ ᠭᠠᠷᠤᠯ᠎ᠠ ᠃

ᠬᠥᠭᠡᠷᠦᠬᠦᠨ ᠴᠣ ᠲᠥᠷᠥᠭᠰᠡᠨ ᠴᠡᠴᠡᠭ ᠬᠠᠳᠤᠨ  ᠨᠢ ᠠ ᠬᠥᠢ  ᠨᠢ ᠶᠠ ᠂

ᠬᠦᠷᠢᠶᠡᠨ ᠳᠤᠮᠳᠠ ᠪᠠᠨ ᠵᠣᠭᠰᠣᠭᠠᠳ ᠮᠣᠷᠳᠠᠭᠤᠯᠵᠤ ᠪᠠᠶᠢᠨ᠎ᠠ ᠃

ᠰᠢᠨᠰᠢᠶᠤᠷ

ᠬᠡᠶᠢᠷᠡᠨ ᠬᠡᠶᠢᠷᠡᠨ ᠦᠵᠡᠭᠳᠡᠭᠡ ᠬᠥᠢ ᠂

ᠭᠡᠭᠡᠨ ᠰᠦᠮ᠎ᠡ ᠶᠢᠨ ᠭᠢᠨᠲᠠᠷ᠎ᠠ ᠬᠥᠢ ᠃

ᠬᠡᠮᠡᠷᠲᠡᠯ᠎ᠡ ᠴᠡᠬᠡᠵᠢᠨ ᠳᠦ ᠪᠣᠳᠣᠭᠳᠠᠨ᠎ᠠ ᠬᠥᠢ ᠂

ᠬᠡᠷ ᠨᠤᠲᠤᠭ ᠬᠣᠶᠠᠷ ᠠ᠋ ᠬᠥᠢ ᠃

ᠬᠠᠷᠠᠯᠠᠭᠠᠳ ᠬᠠᠷᠠᠯᠠᠭᠠᠳ ᠦᠵᠡᠭᠳᠡᠭᠡ ᠬᠥᠢ ᠂

ᠬᠠᠰᠢᠶᠠᠨ ᠤ  ᠮᠢᠨᠢ ᠮᠣᠳᠣ ᠤᠤ ᠬᠥᠢ ᠃

ᠬᠠᠪᠲᠠᠭᠠᠢ ᠴᠡᠭᠡᠵᠢᠨ ᠳᠦ ᠪᠣᠳᠣᠭᠳᠠᠨ᠎ᠠ ᠬᠥ᠍ᠢ ᠂

ᠬᠥᠭᠰᠢᠨ ᠶᠣ ᠡᠮᠧ ᠠᠪᠤ ᠠ᠋ ᠬᠥᠢ ᠃

ᠳᠠᠨᠬᠤᠸᠠᠷ

ᠴᠠᠭᠠᠨ ᠰᠠᠷᠠᠯ ᠡᠯᠵᠢᠭᠡ  ᠴᠢᠨᠢ ᠳ᠋ᠧ ᠴᠠᠭᠠᠰᠢ ᠪᠠᠨ ᠴᠢᠩᠭᠠᠭᠠᠨ᠎ᠠ ᠂

ᠴᠠᠭᠠᠬᠠᠨ ᠲᠥᠷᠥᠭᠰᠡᠨ  ᠳᠠᠨᠬᠤᠸᠠᠷ ᠠᠩᠭ᠎ᠠ ᠵᠢᠷᠦᠬᠡ ᠶᠢ  ᠨᠢ ᠴᠢᠩᠭᠠᠭᠠᠨ᠎ᠠ ᠃

ᠴᠠᠭᠠᠬᠠᠨ ᠲᠥᠷᠥᠭᠰᠡᠨ  ᠳᠠᠨᠬᠤᠸᠠᠷ ᠢ ᠪᠡᠨ ᠪᠣᠳᠣᠭᠠᠳ ᠢᠷᠡᠪᠡᠯ ᠳ᠋ᠧ ᠂ ᠠ ᠳᠦᠩᠭᠡᠷ !

ᠰᠠᠭᠤᠵᠤ ᠯᠠ ᠪᠠᠶᠢᠨ᠎ᠠ ᠤᠤ ᠪᠣᠰᠴᠤ ᠯᠠ ᠪᠠᠶᠢᠨ᠎ᠠ ᠤᠤ ᠢᠯᠭᠠᠭᠤᠷ ᠢ  ᠨᠢ ᠣᠯᠬᠤ ᠦᠭᠡᠢ ᠬᠥᠢ ᠃

ᠪᠣᠷᠣ ᠰᠠᠷᠠᠯ ᠡᠯᠵᠢᠭᠡ  ᠴᠢᠨᠢ ᠳ᠋ᠧ ᠪᠤᠷᠤᠭᠤᠰᠢ ᠪᠠᠨ ᠴᠢᠩᠭᠠᠨ᠎ᠠ ᠂

ᠪᠣᠶᠢᠪᠣᠷᠬᠠᠨ ᠲᠥᠷᠥᠭᠰᠡᠨ  ᠳᠠᠨᠬᠤᠸᠠᠷ ᠠᠩᠭ᠎ᠠ ᠵᠢᠷᠦᠬᠡ ᠶᠢ  ᠨᠢ ᠴᠢᠩᠭᠠᠭᠠᠨ᠎ᠠ ᠃

ᠪᠣᠶᠢᠪᠣᠷᠬᠠᠨ ᠲᠥᠷᠥᠭᠰᠡᠨ ᠳᠠᠨᠬᠤᠸᠠᠷ ᠢ ᠪᠡᠨ ᠪᠣᠳᠣᠭᠠᠳ ᠢᠷᠡᠪᠡᠯ ᠳ᠋ᠧ ᠂ ᠠ  ᠳᠦᠩᠭᠡᠷ  !

ᠪᠣᠰᠴᠤ ᠯᠠ ᠪᠠᠶᠢᠨ᠎ᠠ ᠤᠤ ? ᠰᠠᠭᠤᠵᠤ ᠯᠠ ᠪᠠᠶᠢᠨ᠎ᠠ ᠤᠤ ? ᠢᠯᠭᠠᠭᠤᠷᠢ ᠶᠢ  ᠨᠢ ᠣᠯᠬᠤ ᠦᠭᠡᠢ ᠬᠥᠢ ᠃

ᠸᠠᠨ ᠯᠢ

ᠠᠩᠭ᠎ᠠ ᠪᠠᠭ᠎ᠠ ᠸᠠᠨ ᠯᠢ ᠭᠡᠳᠡᠭ  ᠴᠢᠨᠢ ᠠᠮᠠᠷ ᠦᠭᠡᠢ ᠰᠦᠨᠡᠰᠦ ᠠ᠋ ᠬᠥᠢ ᠂

ᠠᠭᠠᠷ ᠲᠡᠭᠷᠢ ᠶᠢᠨ ᠶᠢᠰᠦᠨ ᠳᠠᠭᠢᠨᠢ ᠶᠢᠨ ᠬᠢᠨᠢ ᠨᠢᠭᠡ  ᠨᠢ ᠭᠡᠨ᠎ᠡ ᠬᠥᠢ ᠃

ᠠᠩᠭ᠎ᠠ ᠪᠠᠭ᠎ᠠ ᠸᠠᠨ ᠯᠢ ᠶᠢᠨ ᠪᠤᠶᠠᠨᠭᠡᠰᠢᠭ ᠳ᠋ᠠ ᠯᠠᠮᠠ ᠂

ᠠᠷᠤ ᠶᠢᠨ ᠰᠦᠮ᠎ᠡ ᠶᠢᠨ ᠠᠷᠪᠠᠨ ᠨᠠᠢᠮᠠᠨ ᠰᠢᠲᠦᠭᠡᠨ ᠦ ᠨᠢᠭᠡ  ᠨᠢ ᠭᠡᠨ᠎ᠡ ᠰᠢᠤ ᠬᠥᠢ ᠃

ᠥᠬᠢᠨ ᠴᠣ ᠪᠠᠭ᠎ᠠ ᠸᠠᠨ ᠯᠢ ᠭᠡᠳᠡᠭ  ᠴᠢᠨᠢ ᠠᠮᠠᠷ ᠦᠭᠡᠢ ᠰᠦᠨᠡᠰᠦ ᠠ᠋ ᠬᠥᠢ ᠂

ᠥᠨᠳᠥᠷ ᠲᠡᠭᠷᠢ ᠶᠢᠨ ᠶᠢᠰᠦᠨ ᠳᠠᠭᠢᠨᠢ ᠶᠢᠨ ᠬᠢᠨᠢ ᠨᠢᠭᠡ  ᠨᠢ ᠭᠡᠨ᠎ᠡ ᠰᠢᠤ ᠬᠥᠢ ᠃

ᠥᠬᠢᠨ ᠴᠣ ᠪᠠᠭ᠎ᠠ ᠸᠠᠨ ᠯᠢ ᠶᠢᠨ ᠪᠤᠶᠠᠨᠭᠡᠰᠢᠭ ᠳ᠋ᠠ ᠯᠠᠮᠠ ᠂

ᠡᠮᠦᠨ᠎ᠡ ᠰᠦᠮ᠎ᠡ ᠶᠢᠨ ᠠᠷᠪᠠᠨ ᠨᠠᠢᠮᠠᠨ ᠰᠢᠲᠦᠭᠡᠨ ᠦ ᠨᠢᠭᠡ  ᠨᠢ ᠭᠡᠨ᠎ᠡ ᠰᠢᠤ ᠬᠥᠢ ᠃

ᠵᠢᠨᠵᠦᠦᠷ

ᠵᠢᠶᠠᠵᠠᠨ ᠳᠠᠭᠠᠨ ᠲᠠᠷᠢᠭᠠᠳ ᠲᠡᠭᠡᠭᠰᠡᠨ ᠵᠠᠩᠰᠢᠯᠠᠢ ᠬᠤᠸᠠᠷ ᠢ ᠪᠡᠨ ᠂

ᠵᠠᠳᠠᠷᠠᠭᠠᠳ ᠳᠡᠯᠭᠡᠷᠡᠬᠦ ᠶᠢ  ᠨᠢ ᠬᠦᠯᠢᠶᠡᠶ᠎ᠡ ᠂ ᠠ ᠬᠠ ᠠ ᠬᠠ ᠬᠥᠢ ᠬᠥᠢ ᠃

ᠵᠢᠶᠠᠩᠨᠠᠨ ᠳᠤᠷ ᠮᠣᠷᠳᠠᠭᠰᠠᠨ ᠵᠢᠨᠵᠦᠦᠷ ᠭᠣᠯᠣᠣ ᠶᠢ ᠪᠡᠨ ᠂

ᠵᠢᠭᠡᠯᠡᠭᠡᠨ ᠳᠦ ᠢᠷᠡᠬᠦ ᠶᠢ  ᠨᠢ ᠬᠦᠯᠢᠶᠡᠶ᠎ᠡ ᠬᠥᠢ ᠃

ᠬᠠᠰᠢᠶᠠᠨ ᠳᠠᠭᠠᠨ ᠲᠠᠷᠢᠭᠠᠳ ᠲᠡᠭᠡᠭᠰᠡᠨ ᠬᠠᠶᠢᠲᠠᠩ ᠯᠢᠩᠬᠤ᠎ᠠ ᠴᠡᠴᠡᠭ ᠢ ᠪᠡᠨ ᠂

ᠬᠠᠭᠠᠷᠠᠭᠠᠳ ᠳᠡᠯᠭᠡᠷᠡᠬᠦ ᠶᠢ  ᠨᠢ ᠬᠦᠯᠢᠶᠡᠶ᠎ᠡ ᠂ ᠠ ᠬᠠ ᠠ ᠬᠠ ᠬᠥᠢ ᠬᠥᠢ ᠃

ᠬᠠᠶᠢᠨᠠᠨ ᠳᠤᠷ ᠮᠣᠷᠳᠠᠭᠰᠠᠨ ᠵᠢᠨᠵᠦᠦᠷ ᠭᠣᠯᠣᠣ ᠶᠢ ᠪᠡᠨ ᠂

ᠵᠢᠭᠡᠯᠡᠭᠡᠨ ᠳᠦ ᠢᠷᠡᠬᠦ ᠶᠢ  ᠨᠢ ᠬᠦᠯᠢᠶᠡᠶ᠎ᠡ ᠬᠥᠢ ᠃

ᠤᠶᠤᠨᠽᠠᠨᠳᠠᠨ

ᠨᠠᠷᠠᠰᠤᠨ ᠤ ᠮᠣᠳᠣ  ᠴᠢᠨᠢ ᠳ᠋ᠧ ᠨᠠᠷᠠᠨ ᠤ ᠪᠠᠨ ᠴᠢᠮᠡᠭ ᠠ᠋ ᠂ ᠠ ᠬᠠ ᠬᠥᠢ ᠬᠥᠢ ᠂

ᠨᠠᠮᠠᠭ᠎ᠠ ᠯᠢᠩᠬᠤ᠎ᠠ ᠴᠡᠴᠡᠭ  ᠴᠢᠨᠢ ᠳ᠋ᠧ ᠨᠠᠭᠤᠷ ᠤᠨ ᠢᠶᠠᠨ ᠴᠢᠮᠡᠭ ᠠ᠋ ᠬᠥᠢ ᠃

ᠨᠠᠮᠤᠬᠠᠨ ᠴᠣ ᠲᠥᠷᠥᠭᠰᠡᠨ  ᠠᠩᠭ᠎ᠠ  ᠴᠢᠨᠢ ᠬᠥᠢ ᠂

ᠨᠠᠭᠠᠳᠴᠤ ᠳᠠᠰᠤᠭᠰᠠᠨ ᠵᠢᠨᠫᠢᠩ ᠬᠡ ᠬᠡ ᠶᠢᠨ ᠢᠶᠡᠨ ᠵᠢᠷᠦᠬᠡᠨ ᠦ ᠬᠢᠨᠢ ᠴᠢᠮᠡᠭ ᠠ᠋ ᠬᠥᠢ ᠃

ᠽᠠᠨᠳᠠᠨ ᠤ ᠮᠣᠳᠣ  ᠴᠢᠨᠢ ᠳ᠋ᠧ ᠰᠠᠷᠠᠨ ᠤ ᠪᠠᠨ ᠴᠢᠮᠡᠭ ᠠ᠋ ᠠ ᠬᠠ ᠬᠥᠢ ᠬᠥᠢ ᠂

ᠰᠠᠮᠠᠭ᠎ᠠ ᠯᠢᠩᠬᠤ᠎ᠠ ᠴᠡᠴᠡᠭ  ᠴᠢᠨᠢ ᠳ᠋ᠧ ᠨᠠᠭᠤᠷ ᠤᠨ ᠢᠶᠠᠨ ᠴᠢᠮᠡᠭ ᠠ᠋ ᠬᠥᠢ ᠃

ᠰᠠᠶᠢᠬᠠᠨ ᠴᠣ ᠲᠥᠷᠥᠭᠰᠡᠨ  ᠠᠩᠭ᠎ᠠ  ᠴᠢᠨᠢ ᠬᠥᠢ ᠂

ᠰᠠᠨᠠᠵᠤ ᠪᠣᠳᠣᠭᠰᠠᠨ ᠵᠢᠨᠫᠢᠩ ᠬᠡ ᠬᠡ ᠶᠢᠨ ᠢᠶᠡᠨ ᠵᠢᠷᠦᠬᠡᠨ ᠦ ᠬᠢᠨᠢ ᠴᠢᠮᠡᠭ ᠠ᠋ ᠬᠥᠢ ᠃

ᠰᠥᠮᠥᠷᠦ

ᠰᠠᠷᠠᠯ ᠮᠣᠷᠢ ᠲᠠᠢ ᠰᠠᠩᠵᠢ ᠮᠠᠮᠠ ᠬᠥᠢ ᠂

ᠴᠠᠭᠠᠬᠠᠨ ᠤ ᠵᠠᠮ ᠢᠶᠠᠷ ᠢᠶᠠᠨ ᠣᠷᠣᠭᠠᠳ ᠰᠠᠳᠠᠷᠠᠭᠤᠯᠵᠤ ᠶᠠᠪᠤᠨ᠎ᠠ ᠬᠥᠢ ᠃

ᠰᠠᠶᠢᠬᠠᠨ ᠲᠥᠷᠥᠭᠰᠡᠨ ᠰᠥᠮᠥᠷᠦ ᠠᠩᠭ᠎ᠠ ᠬᠥᠢ ᠂

ᠱᠠᠮᠫᠠᠨ ᠬᠡᠷ ᠦᠨ ᠬᠠᠵᠠᠭᠤ ᠳᠠᠭᠠᠨ ᠵᠣᠭᠰᠣᠭᠠᠳ ᠰᠠᠷᠠᠪᠴᠢᠯᠠᠨ ᠦᠵᠡᠨ᠎ᠡ ᠬᠥᠢ ᠃

ᠪᠤᠭᠤᠷᠤᠯ ᠮᠣᠷᠢ ᠲᠠᠢ ᠰᠠᠩᠵᠢ ᠮᠠᠮᠠ ᠬᠥᠢ ᠂

ᠪᠣᠷᠣᠬᠣᠲᠠ ᠶᠢᠨ ᠵᠠᠮ ᠢᠶᠠᠷ ᠢᠶᠠᠨ ᠣᠷᠣᠭᠠᠳ ᠪᠤᠲᠠᠷᠠᠭᠤᠯᠵᠤ ᠶᠠᠪᠤᠨ᠎ᠠ ᠬᠥᠢ ᠃

ᠪᠣᠶᠢᠪᠣᠷᠬᠠᠨ ᠲᠣᠷᠦᠭ᠍ᠰᠡᠨ ᠰᠥᠮᠥᠷᠦ ᠠᠩᠭ᠎ᠠ ᠬᠥᠢ ᠂

ᠪᠤᠷᠬᠠᠨ ᠬᠡᠷ ᠦᠨ ᠬᠠᠵᠠᠭᠤ ᠳᠠᠭᠠᠨ ᠵᠣᠭᠰᠣᠭᠠᠳ ᠬᠦᠯᠢᠶᠡᠵᠦ ᠪᠠᠶᠢᠨ᠎ᠠ ᠬᠥᠢ ᠃

ᠳᠠᠨᠠᠪᠠᠯ

ᠡᠦ ᠲᠥᠩ ᠱᠣ ᠮᠣᠳᠣ  ᠴᠢᠨᠢ ᠳ᠋ᠠ ᠥᠵᠢᠷᠡᠭᠡᠳ ᠤᠨᠠᠪᠠᠯ ᠳ᠋ᠠ ᠬᠥᠢ ᠂

ᠥᠲᠥᠨ ᠵᠢᠭᠦᠷᠲᠦ ᠢᠩᠭᠡᠷ ᠰᠢᠪᠠᠭᠤ  ᠴᠢᠨᠢ ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠳ᠋ᠠ ᠬᠥᠢ ᠃ ᠦᠶᠡᠷᠬᠡᠨ ᠰᠠᠨᠠᠭᠰᠠᠨ ᠰᠠᠨᠠᠪᠠᠯ ᠬᠡ ᠬᠡ ᠡᠵᠡᠨ ᠦ ᠴᠡᠷᠢᠭ ᠲᠡᠭᠡᠨ ᠮᠣᠷᠳᠠᠪᠠᠯ ᠳ᠋ᠠ ᠠ ᠬᠠ ᠬᠥᠢ ᠂ ᠦᠯᠡᠳᠡᠭᠡᠳ ᠰᠠᠭᠤᠭᠰᠠᠨ ᠵᠢᠨᠰᠢᠶᠠᠩ  ᠴᠢᠨᠢ ᠬᠡᠨ ᠢᠶᠡᠨ ᠦᠵᠡᠭᠡᠳ ᠰᠠᠭᠤᠶ᠎ᠠ ᠳ᠋ᠠ ᠬᠥᠢ ᠃

ᠬᠠᠶᠢᠯᠠᠰᠤ ᠮᠠᠶᠢᠯᠠᠰᠤ ᠮᠣᠳᠣ  ᠴᠢᠨᠢ ᠬᠤᠪᠠᠬᠠᠶᠢᠷᠠᠭᠠᠳ ᠤᠨᠠᠪᠠᠯ ᠳ᠋ᠠ ᠬᠥᠢ ᠂

ᠬᠠᠶᠢᠴᠢᠩ ᠵᠢᠭᠦᠷᠲᠦ ᠢᠩᠭᠡᠷ ᠰᠢᠪᠠᠭᠤ  ᠴᠢᠨᠢ ᠬᠠᠮᠢᠭ᠎ᠠ ᠪᠠᠨ ᠰᠠᠭᠤᠭᠠᠳ ᠳᠣᠩᠭᠣᠳᠤᠶ᠎ᠠ ᠳ᠋ᠠ ᠬᠥᠢ ᠃  ᠬᠠᠶᠢᠷᠠᠯᠠᠵᠤ ᠰᠠᠨᠠᠭᠰᠠᠨ ᠰᠠᠨᠠᠪᠠᠯ ᠬᠡ ᠬᠡ ᠬᠠᠭᠠᠨ ᠤ ᠴᠡᠷᠢᠭ ᠲᠡᠭᠡᠨ ᠮᠣᠷᠳᠠᠪᠠᠯ ᠳ᠋ᠠ ᠠ ᠬᠠ ᠬᠥᠢ ᠂  ᠬᠣᠴᠣᠷᠤᠭᠠᠳ ᠰᠠᠭᠤᠭᠰᠠᠨ ᠵᠢᠨᠰᠢᠶᠠᠩ  ᠴᠢᠨᠢ ᠬᠡᠨ ᠢᠶᠡᠨ ᠦᠵᠡᠭᠡᠳ ᠰᠠᠭᠤᠶ᠎ᠠ ᠳ᠋ᠠ ᠬᠥᠢ ᠃

vsm-1

ᠱᠧᠩ ᠸᠠᠩ ᠤᠨ ᠳᠠᠭᠤᠤ

ᠳᠠᠨᠬᠤᠸᠠᠷ

ᠸᠠᠨ ᠯᠢ

ᠵᠢᠨᠵᠦᠦᠷ

ᠤᠶᠤᠨᠽᠠᠨᠳᠠᠨ

ᠰᠥᠮᠥᠷᠦ

ᠳᠠᠨᠠᠪᠠᠯ

ᠰᠢᠱᠤ ᠮᠡᠶᠢᠷᠡᠨ

ᠰᠢᠭᠦᠮᠵᠢ ᠦᠯᠡᠳᠡᠭᠡᠬᠦ