• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 5  1 ᠬᠦᠬᠡᠮᠠᠢ  ᠶᠢᠨ ᠤᠷᠠᠯᠢᠭ  ᠤᠨ ᠲᠤᠬᠠᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   45
  • ᠄   0
  • ᠄   0
  • ᠄  0

ᠬᠥᠭᠡᠮᠡᠢ ᠪᠣᠯ ᠡᠷᠲᠡᠨ ᠦ ᠬᠣᠭᠣᠯᠠᠢ ᠶᠢᠨ ᠴᠤᠭᠤᠷ ᠤᠨ ᠤᠷᠠᠯᠢᠭ ᠠᠴᠠ ᠤᠯᠠᠮᠵᠢᠯᠠᠭᠳᠠᠨ ᠬᠥᠭᠵᠢᠭᠡᠳ ᠣᠯᠠᠨ ᠶᠠᠩᠵᠤ  ᠶᠢᠨ ᠬᠣᠭᠣᠯᠠᠢ ᠬᠥᠨᠳᠡᠢ ᠶᠢᠨ ᠤᠷ᠎ᠠ ᠮᠡᠷᠭᠡᠵᠢᠯ ᠢ ᠪᠡᠶ᠎ᠡ ᠳᠡᠭᠡᠨ ᠪᠠᠭᠲᠠᠭᠠᠭᠰᠠᠨ ᠲᠠᠭᠤᠯᠠᠬᠤᠢ ᠶᠢᠨ ᠤᠷᠠᠯᠢᠭ ᠤᠨ ᠬᠠᠮᠤᠭ  ᠤᠨ ᠰᠣᠳᠣᠨ ᠲᠥᠷᠥᠯ ᠪᠣᠯᠬᠤ ᠶᠤᠮ ᠃ ᠬᠥᠭᠡᠮᠡᠢ  ᠨᠢ ᠠᠶᠠᠯᠤᠨ ᠢᠰᠬᠡᠷᠬᠦ ᠤᠷᠠᠯᠢᠭ ᠤᠯᠠᠮ ᠬᠥᠭᠵᠢᠵᠦ ᠥᠪᠡᠷᠮᠢᠴᠡ ᠰᠣᠨᠢᠨ ᠠᠷᠭ᠎ᠠ ᠪᠠᠷᠢᠯ ᠳᠤ ᠰᠢᠯᠵᠢᠭᠰᠡᠨ ᠳᠠᠪᠰᠢᠯ ᠤᠨ ᠱᠠᠲᠤ ᠪᠥᠭᠡᠳ ᠬᠥᠭᠡᠮᠡᠶᠢᠯᠡᠬᠦ ᠳᠦ ᠬᠥᠮᠦᠨ ᠦ ᠥᠭᠦᠯᠡᠬᠦ ᠶᠢᠨ ᠡᠷᠬᠡᠲᠡᠨ ᠬᠥᠭᠵᠢᠮ ᠦᠨ ᠵᠢᠮᠰᠡᠭ ᠦᠨ ᠡᠭᠦᠷᠭᠡ ᠭᠦᠢᠴᠡᠳᠬᠡᠳᠡᠭ ᠃ ᠡᠭᠦᠨ ᠳᠦ ᠬᠥᠭᠡᠮᠡᠶᠢᠯᠡᠬᠦ ᠤᠷᠠᠯᠢᠭ ᠪᠣᠯ ᠮᠣᠩᠭᠣᠯᠴᠤᠳ  ᠤᠨ ᠬᠥᠭᠵᠢᠮ ᠦᠨ ᠤᠷᠠᠯᠢᠭ ᠢ ᠪᠦᠲᠦᠭᠡᠵᠦ ᠡᠵᠡᠮᠰᠢᠬᠦ ᠶᠠᠪᠤᠴᠠ ᠳᠤ ᠭᠠᠷᠤᠭᠰᠠᠨ ᠭᠠᠶᠢᠬᠠᠮᠰᠢᠭᠲᠠᠢ ᠦᠵᠡᠭᠳᠡᠯ ᠦᠨ ᠨᠢᠭᠡ ᠮᠥᠨ ᠃ ᠬᠥᠭᠡᠮᠡᠢ ᠶᠢᠨ ᠡᠭᠦᠰᠦᠭᠰᠡᠨ  ᠨᠢ ᠪᠠᠶᠢᠭᠠᠯᠢ ᠶᠢᠨ ᠣᠨᠴᠠᠭᠠᠢ ᠨᠥᠬᠥᠴᠡᠯ ᠬᠦᠴᠦ ᠪᠤᠢ ᠃ ᠮᠣᠩᠭᠣᠯ ᠤᠨ ᠥᠨᠳᠥᠷᠯᠢᠭ  ᠲᠡᠬᠢ ᠥᠷᠭᠡᠨ ᠠᠭᠤᠳᠠᠮ ᠨᠤᠲᠤᠭ  ᠨᠢ ᠮᠠᠯ ᠢᠶᠠᠨ ᠪᠡᠯᠴᠢᠭᠡᠬᠦ ᠲᠠᠯᠠᠪᠠᠢ ᠪᠠᠷ ᠢᠶᠠᠨ ᠳᠠᠪᠠᠭᠤᠯᠢᠭ ᠪᠣᠯᠪᠠᠴᠤ ᠴᠠᠭ ᠠᠭᠤᠷ ᠤᠨ ᠨᠥᠬᠥᠴᠡᠯ ᠠᠷᠠᠢ ᠬᠠᠲᠠᠭᠤ ᠤᠴᠢᠷ ᠠᠴᠠ ᠳᠥᠷᠪᠡᠨ ᠤᠯᠠᠷᠢᠯ ᠤᠨ ᠥᠩᠭᠡᠨ ᠳᠦ ᠨᠡᠶᠢᠴᠡᠭᠦᠯᠵᠦ ᠣᠲᠣᠷᠯᠠᠬᠤ ᠠᠵᠤ ᠠᠬᠤᠶᠢᠯᠠᠯ ᠤᠨ ᠠᠷᠭ᠎ᠠ ᠬᠡᠯᠪᠡᠷᠢ ᠶᠢ ᠠᠪᠤᠭᠰᠠᠨ ᠢᠶᠠᠷ ᠣᠨᠴᠠᠯᠢᠭ ᠢᠶᠠᠨ ᠪᠣᠯᠭᠠᠭᠰᠠᠨ ᠪᠠᠶᠢᠨ᠎ᠠ ᠃ ᠲᠡᠭᠡᠭᠡᠳ ᠬᠥᠭᠡᠮᠡᠢ ᠶᠢᠨ ᠤᠷᠠᠯᠢᠭ ᠢ ᠡᠬᠡ ᠪᠠᠶᠢᠭᠠᠯᠢ ᠶᠢᠨ ᠥᠩᠭᠡᠨ ᠳᠦ ᠨᠡᠶᠢᠴᠡᠭᠦᠯᠦᠨ ᠡᠭᠦᠰᠦᠭᠰᠡᠨ ᠭᠡᠳᠡᠭ ᠃ ᠬᠥᠭᠡᠮᠡᠢ  ᠨᠢ ᠮᠣᠩᠭᠣᠯ ᠬᠥᠮᠦᠨ ᠦ ᠦᠵᠡᠯ ᠤᠬᠠᠮᠰᠠᠷ ᠂ ᠰᠡᠳᠬᠢᠬᠦᠢ ᠢᠯᠡᠳᠬᠡᠬᠦᠢ ᠵᠠᠩ ᠵᠠᠩᠰᠢᠯ ᠂ ᠬᠡᠪ ᠰᠤᠷᠲᠠᠯ ᠵᠡᠷᠭᠡ ᠣᠯᠠᠨ ᠲᠠᠯ᠎ᠠ ᠶᠢᠨ ᠠᠰᠠᠭᠤᠳᠠᠯ ᠤᠨ ᠬᠣᠯᠪᠣᠭ᠎ᠠ ᠪᠠᠷᠢᠯᠳᠤᠯᠭ᠎ᠠ ᠶᠡᠷᠦ ᠡᠴᠡ ᠴᠢᠩᠭ᠎ᠠ ᠂ ᠴᠠᠭᠠᠰᠢᠯᠠᠭᠠᠳ ᠲᠤᠰ ᠦᠨᠳᠦᠰᠦᠲᠡᠨ ᠦ ᠲᠥᠷᠥᠭᠰᠡᠨ ᠪᠡᠶ᠎ᠡ ᠪᠢᠯᠳᠠᠷ ᠂ ᠭᠡᠮ ᠬᠣᠭᠣᠯᠠᠢ ᠂ ᠪᠠᠭᠠᠯᠵᠤᠤᠷ ᠂ ᠲᠥᠪᠥᠩᠬᠡᠢ ᠵᠡᠷᠭᠡ ᠬᠥᠮᠦᠨ ᠦ ᠪᠡᠶ᠎ᠡ ᠮᠠᠬᠠᠪᠣᠳ ᠤᠨ ᠪᠦᠲᠦᠴᠡ ᠪᠠᠶᠢᠳᠠᠯ ᠯᠤᠭ᠎ᠠ ᠴᠣ ᠳᠣᠲᠣᠭᠠᠳᠤ ᠬᠠᠷᠢᠴᠠᠭ᠎ᠠ ᠡᠭᠦᠰᠦᠨ᠎ᠡ ᠃

ᠲᠡᠭᠡᠪᠡᠯ ᠬᠣᠭᠣᠯᠠᠢ ᠶᠢᠨ ᠴᠤᠭᠤᠷ ( ᠬᠥᠭᠡᠮᠡᠢ ) ᠶᠢᠨ ᠡᠭᠦᠰᠦᠭᠰᠡᠨ ᠲᠤᠬᠠᠢ ᠠᠷᠠᠳ ᠤᠨ ᠣᠯᠠᠨ ᠶᠠᠷᠢᠶ᠎ᠠ ᠪᠠᠶᠢᠳᠠᠭ ᠃

ᠡᠭᠦᠨ ᠦ ᠲᠤᠬᠠᠢ   ᠨᠢ ᠭᠡᠪᠡᠯ ᠄

ᠡᠢᠪᠠᠨ ᠮᠥᠷᠡᠨ ᠦ ᠳᠡᠭᠡᠳᠦ ᠤᠷᠤᠰᠬᠠᠯ ᠤᠨ ᠳᠠᠭᠠᠤ ᠨᠤᠲᠤᠭᠰᠢᠭᠰᠠᠨ ᠡᠷᠲᠡᠨ ᠦ ᠮᠣᠩᠭᠣᠯ ᠤᠨ ᠨᠢᠭᠡᠨ ᠠᠶᠢᠮᠠᠭ ᠢ ᠤᠷᠢᠶᠠᠩᠬᠠᠢ ᠭᠡᠵᠦ ᠲᠠᠩᠨᠤ ᠠᠭᠤᠯᠠ ᠶᠢᠨ ᠬᠠᠪᠢ ᠪᠠᠷ ᠨᠤᠲᠤᠭᠯᠠᠵᠤ ᠪᠠᠶᠢᠵᠠᠢ ᠃ ᠡᠢᠪᠠᠨ ᠭᠣᠣᠯ ᠤᠨ ᠬᠦᠷᠬᠢᠷ᠎ᠡ ᠶᠢᠨ ᠰᠣᠨᠢᠨ ᠰᠠᠶᠢᠬᠠᠨ ᠴᠢᠮᠡᠭᠡ ᠶᠢ ᠳᠠᠭᠤᠷᠢᠶᠠᠨ ᠬᠥᠭᠡᠮᠡᠢ ᠡᠭᠦᠰᠦᠭᠰᠡᠨ ᠭᠡᠳᠡᠭ ᠳᠣᠮᠣᠭ ᠪᠤᠢ ᠃ ᠠᠯᠲᠠᠢ ᠨᠢᠷᠤᠭᠤ ᠶᠢᠨ ᠠᠷᠤ ᠥᠪᠥᠷ ᠢᠶᠡᠷ ᠤᠷᠢᠶᠠᠩᠬᠠᠶᠢᠴᠤᠳ ᠤᠨ ᠨᠤᠲᠤᠭᠯᠠᠵᠤ ᠪᠠᠶᠢᠭᠰᠠᠨ ᠲᠠᠩᠨᠤ ᠠᠭᠤᠯᠠ ᠶᠢᠨ ᠣᠷᠴᠢᠮ ᠢᠶᠠᠷ ᠰᠠᠭᠤᠷᠢᠨ ᠪᠣᠯᠭᠠᠵᠤ ᠤᠮᠠᠷ᠎ᠠ ᠠᠴᠠ ᠡᠮᠦᠨᠡᠰᠢ ᠭᠤᠯᠳᠤ ᠴᠢᠭᠯᠡᠯ ᠦᠨ ᠲᠣᠭᠣᠷᠢᠭ ᠲᠣᠳᠣᠷ᠎ᠠ ᠪᠠᠷᠠᠭᠤᠨ ᠪᠦᠰᠡ ᠶᠢᠨ ᠮᠣᠩᠭᠣᠯ ᠨᠤᠲᠤᠭ ᠢᠶᠠᠷ ᠬᠥᠭᠡᠮᠡᠢ ᠳᠡᠯᠭᠡᠷᠡᠯᠲᠡ ᠲᠡᠢ ᠪᠠᠶᠢᠵᠠᠢ ᠭᠡᠵᠦ ᠰᠤᠳᠤᠯᠤᠭᠴᠢ ᠨᠠᠷ ᠦᠵᠡᠵᠦ ᠪᠠᠶᠢᠨ᠎ᠠ ᠃

hvt

ᠰᠢᠭᠦᠮᠵᠢ ᠦᠯᠡᠳᠡᠭᠡᠬᠦ