• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 5  10 ᠮᠦᠡᠭᠬᠡᠨᠠᠰᠤᠨ  ᠣ ᠲᠤᠰᠬᠠᠢ ᠴᠤᠮᠤᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   46
  • ᠄   0
  • ᠄   0
  • ᠄  0

ᠬᠠᠯᠬ᠎ᠠ ᠲᠠᠶᠢᠵᠢ ᠣᠪᠣᠭᠲᠠᠨ ᠮᠥᠩᠬᠡᠨᠠᠰᠤᠨ ᠂ ᠡᠷᠡᠭᠲᠡᠢ ᠂ ᠮᠣᠩᠭᠣᠯ ᠦᠨᠳᠦᠰᠦᠲᠡᠨ ᠂ ᠬᠡᠰᠢᠭᠲᠡᠨ ᠶᠠᠰᠤᠲᠠᠨ ᠂ ᠮᠣᠷᠢᠨ ᠬᠤᠭᠤᠷᠴᠢ ᠬᠥᠭᠡᠮᠡᠶᠢᠴᠢᠨ ᠃ 1973 ᠣᠨ ᠤ 2 ᠰᠠᠷ᠎ᠠ ᠶᠢᠨ 2 ᠳᠦ ᠵᠣᠣ ᠤᠳᠠ ᠠᠶᠢᠮᠠᠭ ᠤᠨ ᠬᠡᠰᠢᠭᠲᠡᠨ ᠬᠣᠰᠢᠭᠤᠨ  ᠤ ᠲᠠᠷᠠᠬᠠᠭᠤᠯᠠ ᠰᠤᠮᠤ ᠶᠢᠨ ᠨᠠᠷᠠᠰᠤ ᠬᠡᠮᠡᠬᠦ ᠨᠤᠲᠤᠭ ᠤᠨ ᠮᠠᠯᠴᠢᠨ ᠳᠣᠷᠵᠢ ᠪᠣᠯᠤᠨ ᠰᠠᠷᠠᠭᠤᠯ ᠤᠨ ᠳᠥᠷᠪᠡᠳᠦᠭᠡᠷ ᠬᠥᠪᠡᠭᠦᠨ ᠪᠣᠯᠵᠤ ᠵᠠᠶᠠᠭᠠᠪᠠ ᠃ ᠤᠨᠠᠭᠠᠨ ᠪᠠᠭ᠎ᠠ ᠨᠠᠰᠤᠨ ᠠᠴᠠ ᠪᠠᠨ ᠤᠳᠤᠮ ᠳᠠᠮᠵᠢᠭᠰᠠᠨ ᠠᠷᠠᠳ ᠤᠨ ᠤᠷᠠᠯᠢᠭᠴᠢ ᠠᠪᠤ ᠡᠵᠢ ᠶᠢᠨ ᠢᠶᠡᠨ ᠨᠥᠯᠥᠭᠡ ᠶᠢ ᠬᠦᠷᠲᠡᠨ ᠳᠠᠭᠤᠤ ᠬᠥᠭᠵᠢᠮ ᠦᠨ ᠠᠯᠲᠠᠨ ᠬᠠᠷᠭᠤᠢ ᠳᠤ ᠳᠥᠷᠦᠭᠡᠯᠡᠵᠦ ᠡᠬᠢᠯᠡᠭᠰᠡᠨ !

ᠠᠯᠢᠶ᠎ᠠ ᠪᠠᠭ᠎ᠠ ᠨᠠᠰᠤᠨ ᠳᠤ ᠪᠠᠨ ᠠᠴᠢᠲᠤ ᠡᠵᠢ ᠡᠴᠡ ᠪᠡᠨ ᠥᠨᠥᠴᠢᠷᠡᠵᠦ ᠂ ᠰᠣᠶᠣᠯ ᠡᠷᠳᠡᠮ ᠰᠤᠷᠬᠤ ᠶᠢᠨ ᠠᠵᠠ ᠲᠣᠬᠢᠶᠠᠯ ᠢ ᠳᠤᠲᠠᠭᠤ ᠡᠳ᠋ᠯᠡᠨ ᠬᠥᠳᠡᠭᠡ ᠳᠦ ᠪᠡᠨ ᠬᠠᠷᠢᠵᠤ ᠮᠠᠯᠴᠢᠨ ᠪᠣᠯᠤᠭᠰᠠᠨ ᠲᠡᠦᠬᠡ ᠲᠡᠢ ! ᠠᠯᠠᠭ ᠲᠠᠢ ᠪᠠᠷᠠᠭᠠᠨ ᠲᠠᠢ ᠣᠷᠴᠢᠯᠠᠩ ᠤᠨ ᠠᠭᠠᠭ ᠲᠠᠢ ᠂ ᠠᠮᠲᠠ ᠲᠠᠢ ᠠᠮᠢᠳᠤᠷᠠᠯ ᠳᠤ ᠠᠮᠢᠳᠤᠷᠠᠶ᠎ᠠ ᠯᠠ ᠭᠡᠵᠦ ᠲᠡᠮᠡᠦᠯᠵᠦ ᠂ ᠣᠬᠢᠯᠠᠵᠤ ᠂ ᠳᠠᠭᠤᠯᠠᠵᠤ ᠂ ᠤᠨᠠᠵᠤ ᠪᠣᠰᠴᠤ ᠶᠠᠪᠤᠬᠤ ᠳᠤ ᠪᠠᠨ ᠠᠪᠤ ᠶᠢᠨ ᠬᠠᠲᠠᠭᠤᠬᠠᠨ ᠰᠤᠷᠭᠠᠯ ᠂ ᠠᠪᠠᠭ᠎ᠠ  ᠨᠠᠷ ᠤᠨ ᠢᠶᠠᠨ ᠠᠮᠢᠨᠴᠢᠬᠠᠨ ᠵᠠᠬᠢᠶ᠎ᠠ ᠪᠠᠷ 1992 ᠣᠨ ᠳᠤ ᠤᠯᠠᠭᠠᠨᠬᠠᠳᠠ ᠬᠣᠲᠠ ᠶᠢᠨ ᠤᠷᠠᠯᠢᠭ ᠤᠨ ᠰᠤᠷᠭᠠᠭᠤᠯᠢ ᠳᠤ ᠱᠠᠨᠵᠠ ᠬᠥᠭᠵᠢᠮ ᠦᠨ ᠪᠠᠭᠰᠢ ᠵᠢᠩ ᠴᠦᠨ ᠭᠤᠸᠠᠢ ᠳᠤ ᠱᠠᠪᠢ ᠣᠷᠣᠵᠤ ᠱᠠᠨᠵᠠ ᠬᠥᠭᠵᠢᠮ ᠦᠨ ᠮᠡᠷᠭᠡᠵᠢᠯ ᠢ 3 ᠵᠢᠯ ᠰᠤᠷᠤᠯᠴᠠᠪᠠ ᠃ 1994 ᠣᠨ ᠳᠤ ᠮᠣᠷᠢᠨ ᠬᠤᠭᠤᠷ ᠤᠨ ᠪᠠᠭᠰᠢ ᠨ᠊ ᠂ ᠬᠥᠭᠵᠢᠯᠲᠦ ᠳᠦ ᠱᠠᠪᠢ ᠣᠷᠣᠵᠤ ᠮᠣᠷᠢᠨ ᠬᠤᠭᠤᠷ  ᠤᠨ ᠮᠡᠷᠭᠡᠵᠢᠯ ᠢ 2 ᠵᠢᠯ ᠰᠤᠷᠤᠯᠴᠠᠪᠠ ᠃

1996 ᠣᠨ ᠳᠤ ᠬᠡᠰᠢᠭᠲᠡᠨ ᠬᠣᠰᠢᠭᠤᠨ ᠤ ᠤᠯᠠᠭᠠᠨᠮᠥᠴᠢᠷ ᠲᠦ ᠮᠡᠷᠭᠡᠵᠢᠯ ᠦᠨ ᠮᠣᠷᠢᠨ ᠬᠤᠭᠤᠷᠴᠢ ᠂ ᠱᠠᠨᠵᠠ ᠬᠥᠭᠵᠢᠮᠴᠢᠨ ᠢᠶᠡᠷ 2 ᠵᠢᠯ ᠠᠵᠢᠯᠯᠠᠪᠠ ᠃ ᠮᠥᠨ ᠲᠤᠰ ᠵᠢᠯ ᠳᠦ ᠪᠡᠨ ᠥᠪᠥᠷ ᠮᠣᠩᠭᠣᠯ ᠤᠨ ᠠᠩᠬᠠᠳᠤᠭᠠᠷ ᠤᠳᠠᠭᠠᠨ ᠤ ︽ ᠦᠨᠳᠦᠰᠦᠲᠡᠨ ᠦ ᠬᠥᠭᠵᠢᠮ ︾ ᠦᠨ ᠤᠷᠤᠯᠳᠤᠭᠠᠨ ᠳᠤ ᠠᠯᠳᠠᠷᠲᠤ ᠮᠣᠷᠢᠨ ᠬᠤᠭᠤᠷᠴᠢ ᠴᠢ‍᠊ ᠂ ᠪᠤᠯᠠᠭ ᠤᠨ ᠵᠣᠬᠢᠶᠠᠭᠰᠠᠨ ︽ ᠨᠠᠶᠢᠷ ᠤᠨ ᠳᠠᠭᠤᠤ ︾ ᠬᠡᠮᠡᠬᠦ ᠪᠦᠲᠦᠭᠡᠯ ᠢ ᠬᠥᠭᠵᠢᠮᠳᠡᠭᠡᠳ ᠬᠣᠶᠠᠳᠤᠭᠠᠷ ᠲᠠᠰ ᠤᠨ ᠱᠠᠩᠨᠠᠯ ᠢ ᠲᠣᠰᠴᠤ ᠶᠠᠪᠤᠭᠰᠠᠨ ᠤᠳᠠᠭ᠎ᠠ ᠲᠠᠢ ᠃ 2004 ᠠᠴᠠ ᠮᠣᠩᠭᠣᠯ ᠤᠯᠤᠰ ᠤᠨ ᠰᠣᠶᠣᠯ ᠤᠷᠠᠯᠢᠭ ᠤᠨ ᠶᠡᠬᠡ ᠰᠤᠷᠭᠠᠭᠤᠯᠢ ᠶᠢᠨ ᠬᠥᠭᠡᠮᠡᠢ ᠶᠢᠨ ᠪᠠᠭᠰᠢ ᠣᠳᠣᠰᠦᠷᠦᠩ ᠭᠤᠸᠠᠢ ᠳᠤ ᠱᠠᠪᠢᠯᠠᠵᠤ ᠬᠥᠭᠡᠮᠡᠢ ᠶᠢᠨ ᠤᠷ᠎ᠠ ᠮᠡᠷᠭᠡᠵᠢᠯ ᠢ ᠰᠤᠷᠤᠯᠴᠠᠪᠠ ᠃

ᠮᠣᠩᠭᠣᠯ ᠤᠯᠤᠰ ᠤᠨ ᠤᠷᠠᠯᠢᠭ ᠰᠤᠳᠤᠯᠤᠯ ᠤᠨ ᠤᠬᠠᠭᠠᠨ ᠤ ᠳ᠋ᠣᠺᠲ᠋ᠣᠷ ᠂ ᠫᠷᠣᠹᠧᠰᠰᠣᠷ ᠵ᠊ ᠂ ᠠᠪᠢᠰᠢ ︽ ᠮᠠᠯᠴᠢᠨ  ᠤ ᠠᠬᠤᠢ ᠳᠤ ᠥᠰᠴᠦ ᠬᠥᠮᠦᠵᠢᠭᠰᠡᠨ ᠮᠣᠩᠭᠣᠯ ᠬᠥᠮᠦᠨ ᠦ ᠤᠷᠠᠨ ᠰᠠᠶᠢᠬᠠᠨ ᠰᠡᠳᠬᠢᠯᠭᠡ ᠂ ᠲᠤᠭᠤᠷᠪᠢᠨ ᠪᠦᠲᠦᠭᠡᠬᠦ ᠠᠪᠢᠶᠠᠰ ᠤᠨ ᠬᠢᠨᠢ ᠵᠢᠩᠬᠢᠨᠢ ᠤᠴᠢᠷ ᠤᠳᠬ᠎ᠠ ᠶᠢ ᠲᠤᠬᠠᠢ ᠶᠢᠨ ᠬᠥᠮᠦᠨ ᠢ ᠳᠦᠷᠦᠭᠦᠯᠦᠭᠰᠡᠨ ᠪᠠᠶᠢᠭᠠᠯᠢ ᠂ ᠭᠠᠵᠠᠷ ᠵᠦᠢ  ᠶᠢᠨ ᠣᠷᠴᠢᠨ ᠂ ᠴᠠᠭ ᠤᠯᠠᠷᠢᠯ ᠂ ᠮᠠᠯᠴᠢᠨ ᠤ ᠡᠳᠦᠷ ᠲᠤᠲᠤᠮ ᠤᠨ ᠪᠠᠶᠢᠳᠠᠯ ᠂ ᠵᠠᠩ ᠦᠢᠯᠡ ᠂ ᠬᠥᠳᠡᠯᠮᠦᠷᠢ ᠡᠴᠡ ᠠᠩᠭᠢᠳᠠ ᠠᠪᠴᠤ ᠦᠵᠡᠬᠦ ᠶᠢᠨ ᠠᠷᠭ᠎ᠠ ᠦᠭᠡᠢ ᠶᠤᠮ ᠃ ᠶᠠᠭᠠᠬᠢᠭᠠᠳ ᠭᠡᠪᠡᠯ ᠂ ᠮᠠᠯᠴᠢᠨ ᠬᠥᠮᠦᠨ ᠪᠠᠶᠢᠭᠠᠯᠢ ᠲᠠᠢ ᠪᠠᠨ ᠢᠯᠡᠭᠦᠦ ᠣᠶᠢᠷᠠᠬᠠᠨ ᠪᠠᠶᠢᠵᠤ ᠂ ᠲᠡᠭᠦᠨ ᠦ ᠵᠦᠢ ᠲᠣᠭᠲᠠᠭᠠᠯ ᠂ ᠠᠶᠠᠭ ᠠᠭᠠᠰᠢ ᠂ ᠭᠤᠸ᠎ᠠ ᠰᠠᠶᠢᠬᠠᠨ ᠢ  ᠨᠢ ᠲᠠᠨᠢᠵᠤ ᠮᠡᠳᠡᠬᠦ ᠂ ᠮᠡᠳᠡᠷᠡᠬᠦ ᠪᠣᠯᠤᠮᠵᠢ ᠮᠣᠩᠭᠣᠯᠴᠤᠳ ᠲᠤ ᠲᠦᠯᠬᠢᠭᠦᠦ ᠣᠨᠣᠭᠳᠠᠵᠠᠢ ᠃ ︾ ︽ ᠮᠣᠩᠭᠣᠯᠴᠤᠳ ᠤᠨ ᠰᠣᠨᠣᠰᠬᠠᠯ ᠤᠨ ᠬᠥᠨᠳᠡᠬᠦᠢ ᠂ ᠳᠠᠳᠤᠯᠭ᠎ᠠ ᠲᠤᠷᠰᠢᠯᠭ᠎ᠠ ᠂ ᠳᠠᠭᠤᠤᠰᠠᠭ ᠂ ᠬᠥᠭᠵᠢᠮᠰᠡᠭ ᠰᠡᠳᠬᠢᠯᠭᠡ  ᠨᠢ ᠪᠠᠶᠢᠭᠠᠯᠢ ᠣᠷᠴᠢᠨ ᠲᠠᠢ ᠪᠠᠨ ᠬᠣᠯᠪᠣᠭᠠᠲᠠᠢ ᠲᠡᠳᠦᠢ ᠦᠭᠡᠢ ᠂ ᠡᠷᠬᠢᠯᠡᠬᠦ ᠬᠥᠳᠡᠯᠮᠦᠷᠢ ᠶᠢᠨ ᠢᠶᠡᠨ ᠣᠨᠴᠠᠯᠢᠭ ᠲᠠᠢ ᠬᠠᠷᠢᠯᠴᠠᠨ ᠰᠢᠲᠦᠯᠴᠡᠭᠡ ᠲᠡᠢ ᠁ ︾ ᠭᠡᠰᠡᠨᠴᠢᠯᠡᠨ ᠮᠥᠩᠬᠡᠨᠠᠰᠤᠨ ᠤ ᠮᠣᠷᠢᠨ ᠬᠤᠭᠤᠷ ᠂ ᠬᠥᠭᠡᠮᠡᠢ ᠶᠢᠨ ᠡᠭᠡᠰᠢᠭ ᠡᠴᠡ ᠮᠣᠩᠭᠣᠯ ᠨᠤᠲᠤᠭ ᠤᠨ ᠪᠠᠶᠢᠭᠠᠯᠢ ᠶᠢᠨ ᠥᠩᠭᠡ ᠦᠵᠡᠮᠵᠢ ᠲᠣᠳᠣᠷᠠᠨ ᠂ ᠰᠡᠷᠢᠭᠦᠨ ᠰᠠᠶᠢᠬᠠᠨ ᠰᠢᠯᠢ ᠬᠥᠳᠡᠭᠡ ᠂ ᠲᠤᠩᠭᠠᠯᠠᠭ ᠤᠷᠤᠰᠬᠠᠯᠲᠤ ᠭᠣᠣᠯ ᠮᠥᠷᠡᠨ ᠂ ᠠᠳᠤᠭᠤ ᠮᠠᠯ ᠂ ᠠᠭᠲᠠ ᠬᠦᠯᠦᠭ ᠦᠨ ᠰᠠᠶᠢᠪᠤᠷ ᠵᠢᠷᠤᠭ᠎ᠠ ᠂ ᠬᠠᠲᠠᠷᠢᠶ᠎ᠠ ᠱᠣᠭᠰᠢᠶ᠎ᠠ ᠂ ᠬᠥᠮᠦᠨ ᠠᠷᠠᠳ ᠤᠨ ᠬᠢᠨ ᠲᠡᠨᠢᠭᠦᠨ ᠲᠠᠶᠢᠪᠤᠩ ᠂ ᠬᠥᠮᠦᠨ ᠪᠠᠶᠢᠭᠠᠯᠢ ᠬᠣᠶᠠᠷ  ᠨᠢ ᠡᠶ᠎ᠡ ᠨᠠᠶᠢᠷᠠᠮᠳᠠᠭᠤ ᠦᠶ᠎ᠡ ᠤᠯᠠᠷᠢᠨ ᠣᠷᠣᠰᠢᠭᠰᠠᠭᠠᠷ ᠢᠷᠡᠭᠰᠡᠨ ᠢ ᠬᠠᠷᠠᠭᠠᠨ ᠤ ᠦᠵᠦᠭᠦᠷ ᠲᠦ  ᠴᠢᠨᠢ ᠳᠡᠯᠭᠡᠨ ᠂ ᠰᠣᠨᠣᠷ ᠤᠨ ᠳᠡᠭᠡᠳᠦ ᠶᠢ  ᠴᠢᠨᠢ ᠴᠢᠮᠡᠭᠡᠯᠡᠵᠦ ᠂ ᠬᠥᠳᠡᠭᠡ ᠨᠤᠲᠤᠭ ᠤᠨ ᠠᠮᠢᠳᠤᠷᠠᠯ ᠤᠨ ᠳᠦᠷᠢ ᠵᠢᠷᠤᠭ ᠨᠢᠳᠦᠨ ᠡᠮᠦᠨ᠎ᠡ  ᠴᠢᠨᠢ ᠳᠡᠯᠭᠡᠭᠳᠡᠨ᠎ᠡ ᠃ 2008 ᠣᠨ ᠳᠤ ᠤᠯᠠᠭᠠᠨᠪᠠᠭᠠᠲᠤᠷ ᠲᠤ ᠪᠣᠯᠤᠭᠰᠠᠨ ᠮᠣᠩᠭᠣᠯ ᠤᠯᠤᠰ ᠂ ᠬᠢᠲᠠᠳ ᠠᠷᠠᠳ ᠤᠯᠤᠰ ᠤᠨ ᠴᠠᠭᠠᠨ ᠰᠠᠷ᠎ᠠ ᠶᠢᠨ ᠬᠠᠮᠲᠤᠷᠠᠭᠰᠠᠨ ᠦᠳᠡᠰᠢᠯᠡᠭᠡ ᠳᠦ ᠥᠪᠥᠷ ᠦᠨ ᠵᠣᠬᠢᠶᠠᠭᠰᠠᠨ ᠪᠦᠲᠦᠭᠡᠯ ︽ ᠬᠡᠰᠢᠭᠲᠡᠨ ᠲᠠᠪᠤᠨ ᠬᠠᠶᠢᠷᠬᠠᠨ ᠤ ᠮᠠᠭᠲᠠᠭᠠᠯ ︾ ᠢᠶᠠᠷ ᠢᠶᠠᠨ ᠣᠨᠴᠠ ᠤᠷᠢᠭᠳᠠᠵᠤ ᠲᠣᠭᠯᠠᠪᠠ ᠃

ᠡᠳᠦᠭᠡ ᠣᠯᠠᠨ ᠤᠯᠤᠰ ᠤᠨ ᠬᠥᠭᠡᠮᠡᠢ ᠶᠢᠨ ᠬᠣᠯᠪᠣᠭᠠᠨ ᠤ ᠭᠡᠰᠢᠭᠦᠨ ᠂ ᠳᠤᠮᠳᠠᠳᠤ ᠤᠯᠤᠰ ᠤᠨ ᠮᠣᠷᠢᠨ ᠬᠤᠭᠤᠷ ᠤᠨ ᠡᠷᠳᠡᠮ ᠰᠢᠨᠵᠢᠯᠡᠭᠡᠨ ᠦ ᠨᠡᠶᠢᠭᠡᠮᠯᠢᠭ ᠦᠨ ᠭᠡᠰᠢᠭᠦᠨ ᠂ ᠥᠪᠥᠷ ᠮᠣᠩᠭᠣᠯ ᠤᠨ ᠰᠣᠶᠣᠯ ᠤᠷᠠᠯᠢᠭ ᠢ ᠰᠤᠳᠤᠯᠤᠨ ᠠᠬᠢᠭᠤᠯᠬᠤ ᠨᠡᠶᠢᠭᠡᠮᠯᠢᠭ ᠦᠨ ᠭᠡᠰᠢᠭᠦᠨ ᠵᠡᠷᠭᠡ ᠨᠡᠶᠢᠭᠡᠮ ᠦᠨ ᠡᠭᠦᠷᠭᠡ ᠲᠤᠰᠢᠶᠠᠯ ᠲᠠᠢ ᠃

133

MP3 ᠳᠠᠭᠤᠤ

ᠲᠣᠷᠭᠤᠳ ᠨᠤᠲᠤᠭ

ᠱᠠᠩᠬᠤᠲᠠᠢ ᠰᠢᠷᠭ᠎ᠠ

ᠠᠶᠠᠨᠴᠢᠨ ᠤ ᠳᠠᠭᠤᠤ

ᠤᠶᠤᠨᠽᠠᠨᠳᠠᠨ

ᠪᠠᠭ᠎ᠠ ᠨᠠᠰᠤ

ᠬᠣᠯᠠ ᠯᠠ ᠪᠠᠶᠢᠭ᠎ᠠ ᠳ᠋ᠠ

ᠨᠠᠷᠠᠨ ᠮᠢᠨᠦ

ᠬᠣᠩ ᠬᠡ ᠬᠥ᠋

ᠵᠢᠨᠵᠦᠦᠷ

ᠬᠥᠭᠡᠮᠡᠢ ᠶᠢᠨ ᠳᠥᠷᠪᠡᠨ ᠲᠥᠷᠥᠯ

ᠯᠢᠶᠠᠩ ᠵᠣ

ᠬᠡᠰᠢᠭᠲᠡᠨ ᠲᠠᠪᠤᠨ ᠬᠠᠶᠢᠷᠬᠠᠨ ᠤ ᠮᠠᠭᠲᠠᠭᠠᠯ

ᠰᠢᠭᠦᠮᠵᠢ ᠦᠯᠡᠳᠡᠭᠡᠬᠦ