• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 1|   1 ᠤᠷᠲᠤ ᠶᠢᠨ ᠳᠠᠭᠤᠤ ᠶᠢᠨ ᠡᠭᠦᠰᠦᠯ ᠪᠠ ᠲᠡᠦᠬᠡᠨ ᠬᠥᠭᠵᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   48
  • ᠄   0
  • ᠄   0
  • ᠄  0

ᠮᠣᠩᠭᠣᠯ ᠠᠷᠠᠳ ᠤᠨ ᠤᠷᠲᠤ ᠶᠢᠨ ᠳᠠᠭᠤᠤ ᠪᠣᠯ ᠮᠣᠩᠭᠣᠯ ᠦᠨᠳᠦᠰᠦᠲᠡᠨ ᠦ ᠥᠨᠢ ᠤᠳᠠᠭᠠᠨ ᠲᠡᠦᠬᠡ ᠲᠡᠢ ᠠᠭᠤᠤ ᠶᠡᠬᠡ ᠥᠪ ᠰᠣᠶᠣᠯ ᠪᠣᠯᠤᠨ᠎ᠠ ᠃ ᠮᠣᠩᠭᠣᠯ ᠠᠷᠠᠳ ᠤᠨ ᠠᠷᠪᠢᠨ ᠪᠠᠶᠠᠨ ᠂ ᠤᠷᠲᠤ ᠶᠢᠨ ᠳᠠᠭᠤᠤ ᠪᠣᠯ ᠨᠡᠭᠦᠳᠡᠯᠴᠢᠨ ᠠᠷᠠᠳ ᠲᠦᠮᠡᠨ ᠦ ᠳᠠᠶᠢᠨ ᠬᠥ ᠵᠠᠭᠤᠨ ᠦᠶ᠎ᠡ ᠳᠦ ᠬᠠᠶᠢᠷᠠᠯᠠᠨ ᠬᠠᠳᠠᠭᠠᠯᠠᠵᠤ ᠢᠷᠡᠭᠰᠡᠨ ᠡᠷᠳᠡᠨᠢᠰ ᠦᠨ ᠨᠢᠭᠡᠨ ᠮᠥᠨ ᠪᠥᠭᠡᠳ ᠮᠣᠩᠭᠣᠯᠴᠤᠳ ᠤᠨ ᠥᠨᠢ ᠤᠷᠲᠤ ᠲᠡᠦᠬᠡ ᠶᠢᠨ ᠪᠣᠯᠣᠷ ᠲᠤᠩᠭᠠᠯᠠᠭ ᠲᠣᠯᠢ ᠂ ᠮᠣᠩᠭᠣᠯ ᠬᠥᠮᠦᠨ ᠦ ᠰᠡᠳᠬᠢᠯ ᠦᠨ ᠣᠶᠤᠨ  ᠤ ᠡᠭᠡᠰᠢᠭᠯᠢᠭ ᠲᠡᠭᠦᠰ ᠂ ᠡᠷᠢᠨ ᠭᠠᠯᠪᠠ ᠶᠢᠨ ᠲᠡᠷᠲᠡᠭᠡ ᠡᠴᠡ ᠢᠯᠡᠬᠡᠨ ᠳᠠᠭᠤᠷᠢᠰᠬᠤ ᠢᠷᠠᠭᠤ ᠴᠤᠤᠷᠢᠶ᠎ᠠ ᠬᠡᠮᠡᠪᠡᠴᠦ ᠪᠣᠯᠤᠨ᠎ᠠ ᠃ ᠰᠠᠷᠠᠭᠤᠯ ᠠᠭᠤᠳᠠᠮ ᠲᠠᠯ᠎ᠠ ᠨᠤᠲᠤᠭ  ᠨᠢ ᠤᠷᠲᠤ ᠶᠢᠨ ᠳᠠᠭᠤᠤ ᠤᠷᠠᠯᠢᠭ ᠤᠨ ᠥᠯᠥᠭᠡᠢ ᠨᠤᠲᠤᠭ ᠶᠤᠮ ᠃ ᠤᠷᠲᠤ ᠶᠢᠨ ᠳᠠᠭᠤᠤ ᠤᠷᠠᠯᠢᠭ  ᠨᠢ ᠬᠠᠷᠢᠨ ᠲᠠᠯ᠎ᠠ ᠨᠤᠲᠤᠭ ᠤᠨ ᠣᠨᠴᠠᠯᠢᠭ ᠢ ᠭᠦᠢᠴᠡᠳ ᠬᠠᠷᠠᠭᠤᠯᠵᠠᠢ ᠃ ︽ ᠤᠷᠲᠤ ᠶᠢᠨ ᠳᠠᠭᠤᠤ ︾   ᠠᠷᠠᠳ ᠤᠨ ᠳᠠᠭᠤᠤ ᠂ ᠤᠷᠠᠯᠢᠭ ᠂ ᠲᠡᠷᠡ ᠪᠣᠯ ᠨᠡᠭᠦᠳᠡᠯᠴᠢᠨ ᠮᠣᠩᠭᠣᠯᠴᠤᠳ ᠤᠨ ᠡᠪᠡᠰᠦᠨ ᠦ ᠰᠣᠷᠭᠣᠭ ᠤᠰᠤᠨ ᠤ ᠲᠤᠩᠭᠠᠯᠠᠭ ᠢ ᠰᠣᠩᠭᠣᠵᠤ ᠂ ᠡᠬᠡ ᠪᠠᠶᠢᠭᠠᠯᠢ ᠲᠠᠢ ᠪᠠᠨ ᠨᠥᠬᠦᠴᠡᠯᠳᠦᠨ ᠬᠠᠷᠢᠯᠴᠠᠵᠤ ᠲᠠᠪᠤᠨ ᠬᠣᠰᠢᠭᠤ ᠮᠠᠯ ᠢᠶᠠᠨ ᠮᠠᠯᠵᠢᠵᠤ ᠠᠮᠢᠳᠤᠷᠠᠯ ᠤᠨ ᠶᠠᠪᠤᠴᠠ ᠳᠤ ᠡᠭᠦᠳᠦᠭᠰᠡᠨ ᠠᠷᠠᠳ ᠤᠨ ᠳᠠᠭᠤᠤ ᠤᠷᠠᠯᠢᠭ ᠤᠨ ᠰᠣᠩᠭᠣᠳᠠᠭ ᠲᠥᠷᠥᠯ ᠪᠣᠯᠤᠨ᠎ᠠ ᠃       ᠮᠣᠩᠭᠣᠯ ᠠᠷᠠᠳ ᠤᠨ ᠤᠷᠲᠤ ᠶᠢᠨ ᠳᠠᠭᠤᠤ ᠶᠢ ᠳᠡᠯᠡᠬᠡᠢ ᠶᠢᠨ ᠣᠯᠠᠨ ᠡᠷᠳᠡᠮᠲᠡᠳ ᠭᠠᠷᠤᠯ ᠡᠭᠦᠰᠦᠯᠲᠡ ᠶᠢᠨ ᠲᠠᠯ᠎ᠠ  ᠠᠴᠠ ᠢᠰᠡᠭᠡᠢ ᠲᠤᠭᠤᠷᠭᠠᠲᠠᠨ ᠤ ᠡᠷᠲᠡᠨ ᠦ ᠲᠡᠦᠬᠡ ᠲᠡᠢ ᠬᠣᠯᠪᠣᠨ ᠦᠵᠡᠵᠦ ᠪᠤᠢ ᠪᠥᠭᠡᠳ ᠮᠥᠨ ᠴᠣ ᠣᠯᠠᠨ ᠡᠷᠳᠡᠮᠲᠡᠳ  ᠦᠨ ᠲᠤᠭᠤᠷᠪᠢᠭᠰᠠᠨ ᠰᠢᠨᠵᠢᠯᠡᠯ ᠰᠤᠳᠤᠯᠤᠯ ᠤᠨ ᠥᠭᠦᠯᠡᠯ ᠳᠦ ︽ ᠬᠠᠮᠤᠭ ᠤᠨ ᠨᠠᠭᠠᠳᠤ ᠵᠠᠬ᠎ᠠ ᠭᠡᠬᠦ ᠳᠦ ᠯᠠ ᠾᠦᠩᠨᠦ  ᠶᠢᠨ ᠦᠶ᠎ᠡ ᠳᠦ ᠬᠡᠪ ᠲᠥᠯᠥᠪ ᠢᠶᠡᠨ ᠪᠦᠷᠢᠨ ᠣᠯᠤᠭᠰᠠᠨ ︾ ᠬᠡᠮᠡᠨ ᠦᠵᠡᠵᠦ ᠪᠤᠢ ᠃ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠦ ᠰᠣᠶᠣᠯ ᠤᠷᠠᠯᠢᠭ ᠤᠨ ᠬᠥᠭᠵᠢᠯᠲᠡ ᠶᠢᠨ ᠲᠡᠦᠬᠡ ᠶᠢ ᠰᠢᠨᠵᠢᠬᠦ ᠳᠦ ᠾᠦᠩᠨᠦ ᠰᠢᠶᠦᠩᠨᠦ ᠶᠢᠨ ᠴᠠᠭ ᠦᠶ᠎ᠡ  ᠰᠢᠶᠠᠨᠪᠢ  ᠳᠦᠷᠦᠭ  ᠮᠣᠩᠭᠣᠯ ᠪᠣᠯᠤᠨ᠎ᠠ ᠃ ᠡᠷᠳᠡᠮᠲᠡᠳ ᠦᠨ ᠦᠵᠡᠬᠦ ᠪᠡᠷ ᠤᠮᠠᠷᠠᠲᠤ ᠶᠢᠨ ᠲᠠᠯ᠎ᠠ ᠨᠤᠲᠤᠭ ᠤᠨ ᠰᠣᠶᠣᠯ ᠤᠷᠠᠯᠢᠭ ᠤᠨ ᠡᠭᠦᠰᠦᠯ ᠬᠥᠭᠵᠢᠯᠲᠡ ᠶᠢᠨ ᠲᠡᠦᠬᠡ ᠂ ᠮᠣᠩᠭᠣᠯ ᠦᠨᠳᠦᠰᠦᠲᠡᠨ ᠦ ᠪᠤᠢ ᠪᠤᠯᠠᠭᠰᠠᠨ ᠴᠠᠭ ᠦᠶ᠎ᠡ ᠶᠢᠨ ᠬᠥᠭᠵᠢᠯᠲᠡ ᠶᠢᠨ ᠲᠡᠦᠬᠡᠨ ᠡᠴᠡ ᠪᠠᠰᠠ ᠤᠷᠲᠤ ᠭᠡᠵᠦ ᠬᠡᠯᠡᠵᠦ ᠪᠣᠯᠤᠨ᠎ᠠ ᠃ ᠮᠥᠨ ᠮᠣᠩᠭᠣᠯ ᠬᠥᠮᠦᠨ ᠦ ᠳᠡᠭᠡᠳᠦᠰ ᠾᠦᠩᠨᠦ ᠰᠢᠶᠦᠩᠨᠦ ᠶᠢᠨ ᠦᠶ᠎ᠡ ᠡᠴᠡ ᠤᠯᠠᠮᠵᠢᠯᠠᠵᠤ ᠢᠷᠡᠭᠰᠡᠨ ᠭᠡᠵᠦ ᠦᠵᠡᠵᠦ ᠪᠣᠯᠤᠨ᠎ᠠ ᠃

ᠮᠣᠩᠭᠣᠯ ᠦᠨᠳᠦᠰᠦᠲᠡᠨ ᠦ ᠠᠶ᠎ᠠ ᠳᠠᠭᠤᠤ ᠶᠢᠨ ᠥᠪᠡᠷᠮᠢᠴᠡ ᠣᠨᠴᠠᠯᠢᠭ ᠰᠢᠨᠵᠢ  ᠨᠢ ᠮᠣᠩᠭᠣᠯ ᠦᠨᠳᠦᠰᠦᠲᠡᠨ ᠦ ᠲᠤᠰ ᠪᠡᠶ᠎ᠡ ᠶᠢᠨ ᠤᠷᠠᠯᠢᠭ ᠤᠨ ᠠᠭᠤᠤ ᠶᠡᠬᠡ ᠵᠣᠬᠢᠶᠠᠨ ᠪᠦᠲᠦᠭᠡᠬᠦ ᠬᠦᠴᠦᠨ ᠢ ᠠᠭᠤᠯᠵᠤ ᠪᠠᠶᠢᠭᠰᠠᠨ ᠠᠴᠠ ᠭᠠᠳᠠᠨ᠎ᠠ ᠂ ᠰᠢᠶᠦᠩᠨᠦ ᠰᠢᠶᠠᠨᠪᠢ ᠳᠦᠷᠦᠭ ᠵᠡᠷᠭᠡ ᠤᠮᠠᠷᠠᠲᠤ ᠶᠢᠨ ᠲᠠᠯ᠎ᠠ ᠨᠤᠲᠤᠭ ᠤᠨ ᠰᠣᠶᠣᠯ ᠤᠷᠠᠯᠢᠭ ᠰᠢᠯᠢᠳᠡᠭ ᠪᠦᠲᠦᠭᠡᠯ ᠢ ᠪᠦᠬᠦ ᠲᠠᠯ᠎ᠠ ᠪᠠᠷ ᠵᠠᠯᠭᠠᠮᠵᠢᠯᠠᠨ ᠠᠪᠤᠭᠰᠠᠨ  ᠨᠢ ᠴᠢᠬᠤᠯᠠ ᠰᠢᠯᠲᠠᠭᠠᠨ ᠪᠣᠯᠤᠨ᠎ᠠ ᠃

ᠮᠣᠩᠭᠣᠯ ᠬᠥᠮᠦᠨ ᠲᠡᠦᠬᠡ ᠶᠢᠨ ᠲᠠᠪᠴᠠᠩ ᠳᠡᠭᠡᠷ᠎ᠡ ᠶᠡᠬᠡ ᠠᠯᠬᠤᠮ ᠢᠶᠠᠷ ᠠᠯᠬᠤᠨ ᠭᠠᠷᠴᠤ ᠂ ᠲᠠᠯ᠎ᠠ ᠨᠤᠲᠤᠭ ᠤᠨ ᠰᠣᠶᠣᠯ ᠤᠷᠠᠯᠢᠭ ᠤᠨ ᠲᠤᠭ ᠢ ᠥᠨᠳᠥᠷ ᠡᠷᠭᠦᠵᠦ ᠂ ᠡᠮᠦᠨ᠎ᠡ ᠬᠣᠶᠢᠨᠠᠬᠢ ᠶᠢ ᠵᠠᠯᠭᠠᠭᠤᠯᠵᠤ ᠂ ᠲᠠᠯ᠎ᠠ ᠨᠤᠲᠤᠭ ᠤᠨ ᠨᠡᠭᠦᠳᠡᠯᠴᠢᠳ ᠦᠨ ᠠᠶ᠎ᠠ ᠲᠠᠭᠤᠨ ᠤ ᠰᠣᠶᠣᠯ ᠤᠷᠠᠯᠢᠭ ᠢ ᠤᠷᠢᠳ ᠡᠮᠦᠨ᠎ᠡ ᠭᠠᠷᠤᠭ᠎ᠠ ᠦᠭᠡᠢ ᠪᠡᠷ ᠬᠥᠭᠵᠢᠭᠦᠯᠦᠭᠰᠡᠨ ᠶᠤᠮ ᠃ ᠮᠣᠩᠭᠣᠯ ᠦᠨᠳᠦᠰᠦᠲᠡᠨ ᠵᠣᠷᠢᠭᠲᠠᠢ ᠪᠠᠷ ᠵᠣᠬᠢᠶᠠᠨ ᠪᠦᠲᠦᠭᠡᠵᠦ ᠡᠷᠡᠯᠬᠡᠭ ᠢᠶᠡᠷ ᠰᠢᠨᠡᠴᠢᠯᠡᠯᠲᠡ ᠬᠢᠭᠰᠡᠨ ᠡᠴᠡ ᠲᠠᠯ᠎ᠠ ᠨᠤᠲᠤᠭ ᠤᠨ ᠠᠶ᠎ᠠ ᠲᠠᠭᠤᠨ ᠤ ᠰᠣᠶᠣᠯ ᠤᠷᠠᠯᠢᠭ ᠤᠨ ᠤᠯᠠᠮᠵᠢᠯᠠᠯ ᠲᠠᠰᠤᠷᠠᠭ᠎ᠠ ᠦᠭᠡᠢ ᠪᠡᠷ ᠦᠯᠦ ᠪᠠᠷᠠᠨ ᠲᠡᠭᠦᠨ ᠢ ᠰᠢᠨ᠎ᠡ ᠨᠢᠭᠡᠨ ᠬᠥᠭᠵᠢᠯᠲᠡ ᠶᠢᠨ ᠱᠠᠲᠤᠨ ᠳᠤ ᠲᠦᠯᠬᠢᠨ ᠠᠬᠢᠭᠤᠯᠵᠠᠢ ᠃ 13 ᠳ᠋ᠤᠭᠡᠷ ᠵᠠᠭᠤᠨ ᠳᠤ ᠤᠷᠢᠳ ᠡᠮᠦᠨ᠎ᠡ ᠭᠠᠷᠤᠭ᠎ᠠ ᠦᠭᠡᠢ ᠪᠡᠷ ᠬᠥᠭᠵᠢᠵᠦ ᠲᠡᠭᠦᠨ ᠦ ᠨᠥᠯᠥᠭᠡ ᠲᠤᠰᠬᠠᠯ  ᠨᠢ ᠪᠦᠬᠦ ᠳᠡᠯᠡᠬᠡᠢ ᠳᠦ ᠲᠦᠯᠬᠢᠨ ᠭᠠᠷᠭᠠᠪᠠ ᠃ ᠲᠠᠯ᠎ᠠ ᠨᠤᠲᠤᠭ ᠤᠨ ᠰᠣᠶᠣᠯ ᠤᠷᠠᠯᠢᠭ ᠤᠨ ᠬᠥᠭᠵᠢᠯᠲᠡ ᠶᠢᠨ ᠬᠡᠯᠬᠢᠶᠡᠨ ᠦ ᠭᠣᠣᠯ ᠬᠡᠰᠡᠭ  ᠨᠢ ᠪᠣᠯᠤᠭᠰᠠᠨ ᠤ ᠬᠤᠪᠢ ᠳᠤ ᠮᠣᠩᠭᠣᠯ ᠦᠨᠳᠦᠰᠦᠲᠡᠨ ᠦ ᠠᠶ᠎ᠠ ᠳᠠᠭᠤᠤ  ᠨᠢ ᠲᠡᠦᠬᠡ ᠶᠢᠨ ᠬᠥᠭᠵᠢᠯᠲᠡ ᠶᠢᠨ ᠢᠮ ᠲᠡᠮᠳᠡᠭ ᠪᠣᠯᠤᠨ ᠤᠳᠬ᠎ᠠ ᠰᠣᠶᠣᠯ ᠤᠨ ᠭᠡᠷᠡᠴᠢᠯᠡᠭᠴᠢ ᠪᠣᠯᠤᠭᠰᠠᠨ ᠪᠠᠶᠢᠨ᠎ᠠ ᠃ ᠮᠣᠩᠭᠣᠯ ᠦᠨᠳᠦᠰᠦᠲᠡᠨ ᠦ ᠠᠶ᠎ᠠ ᠲᠠᠭᠤᠨ ᠤ ᠲᠣᠳᠣᠷ᠎ᠠ ᠠᠴᠠ ᠰᠢᠶᠦᠩᠨᠦ ᠂ ᠰᠢᠶᠠᠨᠪᠢ ᠶᠢᠨ ᠠᠶ᠎ᠠ ᠲᠠᠭᠤᠨ ᠤ ᠢᠮ ᠲᠡᠮᠳᠡᠭ ᠢ ᠪᠠᠭ᠎ᠠ ᠴᠣ ᠪᠣᠯᠤᠭᠰᠠᠨ ᠡᠷᠢᠵᠦ ᠭᠠᠷᠭᠠᠵᠤ ᠪᠣᠯᠬᠤ ᠶᠤᠮ ᠃ ᠡᠨᠡ ᠤᠳᠬ᠎ᠠ ᠰᠠᠨᠠᠭ᠎ᠠ ᠠᠴᠠ ᠠᠪᠤᠵᠤ ᠬᠡᠯᠡᠪᠡᠯ ᠂ ᠮᠣᠩᠭᠣᠯ ᠦᠨᠳᠦᠰᠦᠲᠡᠨ ᠦ ᠠᠶ᠎ᠠ ᠳᠠᠭᠤᠤ  ᠨᠢ ᠲᠡᠦᠬᠡ ᠪᠣᠯᠤᠨ ᠣᠷᠴᠢᠨ ᠢ ᠵᠠᠯᠭᠠᠭᠤᠯᠵᠤ ᠂ ᠭᠣᠪᠢ ᠶᠢᠨ ᠠᠷᠤ ᠶᠢᠨ ᠲᠠᠯ᠎ᠠ ᠨᠤᠲᠤᠭ ᠪᠣᠯᠤᠨ ᠳᠤᠮᠳᠠᠳᠤ ᠣᠷᠣᠨ ᠤ ᠬᠣᠭᠣᠷᠣᠨᠳᠣᠬᠢ ᠨᠢᠭᠡᠨ ᠰᠠᠭᠤᠷᠢ ᠬᠥᠭᠥᠷᠭᠡ ᠶᠢᠨ ᠦᠢᠯᠡᠳᠦᠯ ᠢ ᠭᠠᠷᠭᠠᠭᠰᠠᠨ ᠪᠢᠯᠡ ᠃

ᠤᠷᠲᠤ ᠶᠢᠨ ᠳᠠᠭᠤᠤ ᠶᠢᠨ ᠡᠭᠦᠰᠦᠯ ᠪᠠ ᠲᠡᠦᠬᠡᠨ ᠬᠥᠭᠵᠢᠯ

ᠰᠢᠭᠦᠮᠵᠢ ᠦᠯᠡᠳᠡᠭᠡᠬᠦ