• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 2  2 ᠭᠠᠩᠭᠠᠩ ᠬᠠᠷ᠎ᠡ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   46
  • ᠄   0
  • ᠄   0
  • ᠄  0

︽ ᠭᠠᠩᠭᠠᠩ ᠬᠠᠷ᠎ᠠ ︾ ᠭᠡᠳᠡᠭ ᠳᠠᠭᠤᠤ  ᠨᠢ 160 ᠣᠷᠴᠢᠮ ᠵᠢᠯ ᠦᠨ ᠲᠡᠷᠲᠡᠭᠡ ᠵᠣᠬᠢᠶᠠᠭᠳᠠᠵᠠᠢ ᠃ ᠨᠢᠭᠡ ᠤᠳᠠᠭ᠎ᠠ ᠰᠢᠷᠡᠭᠡᠲᠦ ᠭᠡᠭᠡᠨ ᠪᠠᠷᠭᠤ ᠨᠤᠲᠤᠭ ᠲᠤ ᠵᠠᠯᠠᠷᠠᠬᠤ ᠳᠠᠭᠠᠨ ᠳᠠᠷᠤᠩᠭ᠎ᠠ ᠬᠣᠰᠢᠭᠤᠨ ᠤ ︽ ᠭᠠᠩᠭ᠎ᠠ ︾ ᠯᠣᠳᠣᠢ ᠭᠡᠭᠴᠢ ᠬᠥᠮᠦᠨ ᠢ ᠰᠣᠶᠢᠪᠣᠨ ᠢᠶᠠᠷ ᠢᠶᠠᠨ ᠠᠪᠴᠤ ᠶᠠᠪᠤᠵᠠᠢ ᠃ ᠲᠡᠨᠳᠡ ᠣᠴᠢᠭᠠᠳ ᠪᠠᠶᠢᠵᠤ ᠪᠠᠶᠢᠲᠠᠯ᠎ᠠ ᠯᠣᠳᠣᠢ ᠂ ᠪᠠᠷᠭᠤ ᠶᠢᠨ ᠨᠣᠶᠠᠨ ᠤ ᠶᠡᠬᠡ ᠥᠬᠢᠨ ᠳᠦ ᠰᠡᠳᠬᠢᠯ ᠲᠡᠢ ᠪᠣᠯᠵᠠᠢ ᠃ ᠡᠴᠢᠭᠡ ᠡᠬᠡ  ᠨᠢ ᠥᠬᠢᠨ ᠢᠶᠡᠨ ᠪᠠᠭ᠎ᠠ ᠳᠤᠨᠢ ᠥᠭᠡᠷ᠎ᠡ ᠬᠥᠮᠦᠨ  ᠲᠡᠢ ᠰᠣᠶᠢ ᠲᠠᠯᠪᠢᠭᠰᠠᠨ ᠳᠤ ᠥᠬᠢᠨ ᠡᠬᠡ ᠡᠴᠢᠭᠡ ᠶᠢᠨ ᠲᠠᠯᠪᠢᠭᠰᠠᠨ ᠥᠨᠳᠡᠭᠡᠨ ᠰᠣᠶᠢ ᠶᠢ ᠡᠪᠳᠡᠵᠦ ᠬᠡᠴᠡᠭᠦᠦ ᠬᠠᠶᠢᠷᠠᠲᠠᠢ ᠬᠥᠮᠦᠨ ᠢᠶᠡᠨ ᠳᠠᠭᠠᠭᠠᠳ ᠶᠠᠪᠤᠬᠤ ᠪᠣᠯᠤᠭᠠᠳ ᠪᠠᠶᠢᠭᠰᠠᠨ ᠦᠶ᠎ᠡ ᠳᠦ ᠪᠠᠷᠭᠤ ᠶᠢᠨ ᠨᠣᠶᠠᠨ ᠯᠣᠳᠣᠢ ᠶᠢ ᠪᠠᠷᠢᠭᠤᠯᠬᠤ ᠪᠠᠷ ᠣᠳᠤᠯ᠎ᠠ ᠃ ( ᠪᠥᠬᠦᠶᠢᠰᠬᠢᠯ᠎ᠡ ) ᠲᠠᠯᠪᠢᠭᠰᠠᠨ ᠢ ᠯᠣᠳᠣᠢ ᠲᠠᠢ ᠬᠠᠮᠲᠤ ᠶᠠᠪᠤᠭᠰᠠᠨ ᠬᠥᠮᠦᠰ ᠮᠡᠳᠡᠵᠦ ᠯᠣᠳᠣᠢ ᠪᠠᠨ ᠠᠮᠵᠢᠵᠤ ᠤᠷᠪᠠᠭᠤᠯᠵᠤ ᠪᠤᠴᠠᠭᠠᠵᠠᠢ ᠃ ᠢᠩᠭᠢᠭᠡᠳ ᠭᠠᠩᠭ᠎ᠠ ᠰᠦᠷᠦᠭ ᠦᠨ ᠭᠠᠩᠭᠠᠩ ᠯᠣᠳᠣᠢ ᠳᠤ ᠬᠠᠮᠲᠤ ᠶᠠᠪᠤᠭᠰᠠᠨ ᠬᠥᠮᠦᠰ  ᠨᠢ ᠵᠣᠬᠢᠶᠠᠭᠰᠠᠨ ᠳᠠᠭᠤᠤ ᠶᠤᠮ ᠃

ᠭᠠᠩᠭᠠᠩ ᠬᠠᠷ᠎ᠠ

ᠭᠠᠩᠭᠠᠩ ᠬᠠᠷ᠎ᠠ ᠮᠣᠷᠢ ᠪᠠᠨ

ᠭᠠᠩᠳᠠᠯ ᠦᠭᠡᠢ ᠰᠣᠶᠢᠭᠠᠷᠠᠢ ᠬᠥ᠋

ᠭᠠᠭᠴᠠᠬᠠᠨ ᠬᠠᠶᠢᠷᠠᠲᠠᠢ ᠳᠡᠭᠦᠦ ᠶᠢ ᠪᠡᠨ

ᠭᠠᠵᠠᠷ ᠤᠨ ᠬᠣᠯᠠ ᠳᠠᠭᠠᠨ ᠥᠭᠬᠦᠯ᠎ᠡ ᠳ᠋ᠠ

ᠭᠠᠩᠭᠠᠩ ᠬᠠᠷ᠎ᠡ

ᠰᠢᠭᠦᠮᠵᠢ ᠦᠯᠡᠳᠡᠭᠡᠬᠦ