• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 2  3 ᠴᠤᠮᠪᠤᠩ ᠲᠤᠭᠤᠷᠠᠶᠢᠳᠠᠢ ᠬᠦᠷᠡᠩ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   41
 • ᠄   0
 • ᠄   0
 • ᠄  0

ᠳᠡᠯᠡᠬᠡᠢ ᠶᠢᠨ ᠬᠣᠶᠠᠳᠤᠭᠠᠷ ᠳᠠᠶᠢᠨ ᠤ ᠰᠢᠪᠲᠤᠷᠭᠠᠨ ᠵᠢᠯ ᠦᠳ ᠲᠦ ᠂ ᠦᠵᠦᠮᠦᠴᠢᠨ ᠦ ᠬᠣᠶᠢᠲᠤ ᠪᠡᠶ᠎ᠡ ᠶᠢᠨ ᠠᠶᠢᠯ  ᠤᠳ ᠠᠴᠠ ᠨᠢᠭᠡ ᠬᠡᠰᠡᠭ  ᠨᠢ ᠴᠡᠷᠢᠭ ᠦᠨ ᠬᠥᠯ ᠂ ᠳᠠᠶᠢᠨ ᠤ ᠲᠣᠭᠣᠰᠣᠨ ᠠᠴᠠ ᠵᠠᠶᠢᠯᠠᠵᠤ ᠵᠢᠭᠤᠲᠠᠬᠤ ᠪᠣᠯᠵᠠᠢ ᠃ ᠡᠨᠡ ᠬᠣᠷᠣᠮ ᠳᠤ ᠲᠤᠯᠤᠭᠠᠳ ᠭᠣᠪᠢ ᠪᠠᠷ ᠨᠤᠲᠤᠭᠲᠠᠢ ᠬᠡᠷᠡᠶᠢᠳ ᠰᠤᠮᠤᠨ ᠤ ᠳ᠋ᠠᠪᠠᠭ ᠲᠠᠶᠢᠵᠢ ᠶᠢᠨ ᠬᠢᠨ ᠴᠣ ᠣᠯᠠᠨ ᠤ ᠭᠠᠢ ᠂ ᠣᠷᠴᠢᠯᠠᠩ ᠤᠨ ᠬᠣᠷᠸ᠎ᠠ ᠠᠴᠠ ᠤᠷᠭᠤᠵᠤ ᠴᠢᠳᠠᠭ᠎ᠠ ᠦᠭᠡᠢ ᠬᠠᠮᠤᠷᠤᠭᠳᠠᠵᠤ ᠂ ᠠᠪᠠᠯᠢ ᠭᠡᠷᠭᠡᠢ ᠰᠡᠨᠵᠢᠳᠮ᠎ᠠ ᠠᠶᠢᠯ ᠳᠤ ᠬᠤᠷᠢᠮᠯᠠᠭᠰᠠᠨ ᠬᠡᠦᠬᠡᠨ ᠦᠷ᠎ᠡ ᠭᠠᠷᠮ᠎ᠠ ᠂ ᠡᠯᠢᠭᠡᠨ ᠰᠠᠳᠤᠨ ᠡᠴᠢᠭᠡ ᠶᠢᠨ ᠨᠤᠲᠤᠭ ᠢᠶᠠᠨ ᠣᠷᠬᠢᠵᠤ ᠬᠠᠷᠢ ᠣᠷᠣᠨ ᠢ ᠵᠣᠷᠢᠭᠰᠠᠨ ᠭᠡᠳᠡᠭ ᠃

ᠦᠵᠦᠮᠦᠴᠢᠨ ᠴᠢᠨ ᠸᠠᠩ ᠤᠨ ᠳᠠᠭᠤᠴᠢᠨ ᠮᠥᠷᠲᠡᠭᠡᠨ ᠬᠥᠭᠵᠢᠮᠴᠢᠨ ᠪᠠᠶᠢᠭᠰᠠᠨ ᠳ᠋ᠠᠪᠠᠭ ᠲᠠᠶᠢᠵᠢ ᠢᠩᠭᠢᠵᠦ ᠬᠠᠭᠠᠴᠠᠨ ᠰᠠᠯᠬᠤ ᠶᠢᠨ ᠭᠤᠨᠢᠭ ᠭᠤᠲᠤᠷᠠᠯ ᠳᠤ ᠠᠪᠲᠠᠭᠳᠠᠵᠤ ᠰᠡᠳᠬᠢᠯ ᠦᠨ ᠵᠣᠪᠠᠯᠠᠩ ᠳᠡᠷᠡᠯᠡᠵᠦ ᠶᠠᠪᠤᠬᠤ ᠳᠠᠭᠠᠨ ᠳᠠᠭᠤᠯᠠᠭᠰᠠᠨ ᠳᠠᠭᠤᠤ ᠶᠢᠨ ᠨᠢᠭᠡ  ᠨᠢ ︽ ᠴᠣᠮᠪᠣᠩ ᠲᠤᠭᠤᠷᠠᠶᠢᠲᠤ ︾ ᠬᠡᠯᠡᠳᠡᠭ ᠃ ᠲᠡᠷᠡ ᠦᠶ᠎ᠡ ᠳᠦ ᠳ᠋ᠠᠪᠠᠭ ᠤᠨ ᠬᠢᠨ ᠮᠣᠩᠭᠣᠯ ᠤᠨ ᠴᠡᠷᠢᠭ ᠲᠦ ᠲᠠᠭᠤᠭᠳᠠᠨ ᠬᠢᠯᠢ ᠶᠢᠨ ᠡᠮᠦᠨᠡᠬᠡᠨ ᠪᠠᠯᠠᠷ ᠱᠠᠲᠤ ᠳᠤ ᠪᠠᠭᠤᠭᠠᠳ ᠪᠠᠶᠢᠬᠤ ᠳᠠᠭᠠᠨ ᠳᠠᠭᠤᠯᠠᠭᠰᠠᠨ ᠭᠡᠳᠡᠭ ᠃

ᠴᠣᠮᠪᠣᠩ ᠲᠤᠭᠤᠷᠠᠢ ᠲᠠᠢ ᠬᠦᠷᠡᠩ

ᠴᠣᠮᠪᠣᠩ ᠲᠤᠭᠤᠷᠠᠶᠢᠲᠤ ᠬᠦᠷᠡᠩ

ᠴᠣᠬᠢᠯᠤᠭᠰᠠᠨ ᠬᠠᠷ᠎ᠠ ᠠᠯᠬᠤᠭ᠎ᠠ ᠲᠠᠢ

ᠴᠣᠪᠣᠭᠣᠯᠢᠭ ᠲᠥᠷᠥᠭᠰᠡᠨ ᠢᠩᠭᠢᠮ᠎ᠡ

ᠰᠣᠴᠢᠭᠠᠳ ᠰᠠᠷᠢᠬᠦᠯᠡᠷ ᠭᠠᠭᠴᠠᠭᠠᠷ ᠠ᠋ ᠃

ᠴᠤᠮᠪᠤᠩ ᠲᠤᠭᠤᠷᠠᠶᠢᠳᠠᠢ ᠬᠦᠷᠡᠩ

ᠰᠢᠭᠦᠮᠵᠢ ᠦᠯᠡᠳᠡᠭᠡᠬᠦ