• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 3  1 ᠤᠷᠳᠦ  ᠶᠢᠨ ᠲᠠᠭᠤᠤ  ᠶᠢᠨ ᠤᠨᠴᠠᠯᠢᠭ ᠂ ᠲᠦᠷᠦᠯ ᠵᠦᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   46
  • ᠄   0
  • ᠄   0
  • ᠄  0

ᠮᠣᠩᠭᠣᠯ ᠠᠷᠠᠳ ᠤᠨ ᠤᠷᠲᠤ ᠶᠢᠨ ᠳᠠᠭᠤᠤ ᠪᠣᠯ ᠮᠣᠩᠭᠣᠯ ᠠᠷᠠᠳ ᠤᠨ ᠳᠠᠭᠤᠤ ᠶᠢᠨ ᠰᠣᠩᠭᠣᠳᠠᠭ ᠬᠡᠯᠪᠡᠷᠢ ᠳᠠᠷᠤᠢ ᠮᠥᠨ ᠪᠥᠭᠡᠳ ᠳᠡᠯᠡᠬᠡᠢ ᠳᠠᠶᠠᠩ ᠤᠨ ᠠᠷᠠᠳ ᠤᠨ ᠳᠠᠭᠤᠤ ᠶᠢᠨ ᠰᠢᠨᠵᠢ ᠲᠥᠯᠥᠪ ᠲᠡᠢ ᠬᠠᠷᠢᠴᠠᠭᠤᠯᠤᠨ ᠦᠵᠡᠬᠦ ᠳᠦ ᠨᠠᠩ ᠥᠪᠡᠷᠮᠢᠴᠡ ᠭᠠᠶᠢᠬᠠᠮ᠎ᠠ ᠰᠣᠨᠢᠨ ᠂ ᠴᠤᠬᠤᠮ ᠮᠣᠩᠭᠣᠯ ᠤᠨ ᠤᠷᠠᠯᠢᠭ ᠶᠤᠮ ᠃ ᠤᠷᠲᠤ ᠶᠢᠨ ᠳᠠᠭᠤᠤ ᠭᠡᠭᠴᠢ ᠠᠭᠤᠳᠠᠮ ᠲᠡᠨᠢᠭᠡᠷ ᠰᠠᠶᠢᠬᠠᠨ ᠨᠤᠭᠤᠯᠤᠭ᠎ᠠ ᠲᠠᠢ ᠂ ᠤᠶᠠᠩᠭ᠎ᠠ ᠲᠡᠭᠦᠯᠳᠡᠷ ᠣᠯᠠᠨ ᠶᠠᠩᠵᠤ ᠶᠢᠨ ᠭᠣᠶᠣᠮᠰᠣᠭ ᠡᠭᠡᠰᠢᠭ ᠴᠢᠮᠡᠭ ᠲᠡᠢ ᠂ ᠬᠥᠮᠦᠨ ᠦ ᠰᠡᠳᠬᠢᠯ ᠢ ᠬᠥᠳᠡᠯᠭᠡᠭᠡᠨ ᠰᠣᠭᠲᠣᠭᠤᠷᠠᠭᠤᠯᠤᠭ ᠬᠥᠭᠵᠢᠭᠦᠨ ᠪᠠᠳᠠᠷᠠᠩᠭᠤᠢ ᠰᠠᠶᠢᠬᠠᠨ ᠠᠶᠠᠯᠭᠤ  ᠨᠢ ᠣᠷᠭᠢᠯᠤᠨ ᠳᠡᠭᠡᠭᠰᠢᠯᠡᠵᠦ ᠨᠠᠷᠢᠰᠤᠨ ᠨᠠᠷᠢᠰᠤᠭᠰᠠᠭᠠᠷ ︽ ᠰᠢᠷᠤᠩᠬᠤᠢᠢᠯᠠᠬᠤ  ︾ ᠲᠡᠭᠡᠭᠰᠡᠨ ᠢᠶᠡᠨ ᠲᠠᠬᠢᠨ ᠳᠣᠭᠣᠭᠰᠢᠯᠠᠵᠤ ᠪᠦᠳᠦᠭᠦᠷᠡᠭᠡᠳ ᠪᠦᠳᠦᠭᠦᠷᠡᠬᠦ ᠳᠡᠭᠡᠨ ᠵᠦᠢᠯ ᠵᠦᠢᠯ ᠦᠨ ᠬᠠᠴᠢᠨ ᠬᠥᠭᠡᠷᠦᠬᠦᠨ ᠨᠤᠭᠤᠯᠠᠭ᠎ᠠ ᠂ ᠬᠣᠭᠣᠯᠠᠢ ᠠᠮᠢᠰᠬᠤᠯ ᠤᠨ ᠴᠣᠬᠢᠯᠲᠠ ᠥᠭᠴᠦ ᠬᠦᠩᠭᠢᠨᠡᠨ ︽ ᠰᠢᠩᠰᠢᠬᠦ ︾ ᠵᠡᠷᠭᠡ ᠪᠡᠷ ᠨᠠᠩ ᠥᠷᠭᠡᠨ ᠴᠠᠷᠠᠭ᠎ᠠ ᠲᠠᠢ ᠂ ᠰᠣᠩᠭᠣᠵᠤ ᠬᠠᠨᠤᠰᠢ ᠦᠭᠡᠢ ᠡᠭᠡᠰᠢᠭᠯᠢᠭ ᠲᠡᠢ ᠭᠠᠷᠭᠠᠳᠠᠭ  ᠨᠢ ᠴᠤᠬᠤᠮ ᠮᠣᠩᠭᠣᠯ ᠤᠨ ᠰᠠᠶᠢᠨ ᠡᠬᠡ ᠣᠷᠣᠨ ᠤ ᠲᠡᠨᠢᠭᠡᠷ ᠠᠭᠤᠳᠠᠮ ᠲᠠᠯ᠎ᠠ ᠨᠤᠲᠤᠭ ᠬᠢᠭᠡᠳ ᠳᠡᠯᠭᠡᠷ ᠪᠠᠶᠠᠨ ᠬᠠᠩᠭᠠᠢ ᠶᠢᠨ ᠰᠦᠷᠯᠢᠭ ᠥᠨᠳᠥᠷ ᠠᠭᠤᠯᠠ ᠨᠢᠷᠤᠭᠤ ᠳᠠᠪᠠᠭ᠎ᠠ ᠬᠥᠪᠡᠭᠡ ᠥᠷᠭᠡᠨ ᠲᠤᠩᠭᠠᠯᠠᠭ ᠭᠣᠣᠯ ᠮᠥᠷᠡᠨ ᠂ ᠥᠳᠬᠡᠨ ᠬᠥᠪᠴᠢ ᠣᠢ ᠰᠢᠭᠤᠢ ᠦᠵᠡᠰᠬᠦᠯᠡᠩ ᠲᠡᠭᠦᠰ ᠪᠠᠶᠢᠭᠠᠯᠢ ᠶᠢᠨ ᠲᠠᠩᠰᠤᠭ ᠢ ᠰᠠᠭᠠᠲᠠᠭᠤᠯᠵᠤ ᠠᠭᠲᠠ ᠮᠣᠷᠢᠳ ᠤᠨ ᠬᠤᠷᠳᠤᠨ ᠵᠢᠷᠤᠭ᠎ᠠ ᠠᠵᠢᠨᠠᠢ ᠰᠠᠶᠢᠨ ᠢ ᠪᠣᠳᠣᠭᠳᠠᠭᠤᠯᠵᠤ ᠤᠨᠠᠭᠰᠠᠨ ᠭᠠᠵᠠᠷ ᠂ ᠤᠬᠢᠶᠠᠭᠰᠠᠨ ᠤᠰᠤ ᠂ ᠡᠴᠢᠭᠡ ᠡᠬᠡ ᠡᠯᠢᠭᠡᠨ ᠰᠠᠳᠤᠨ ᠦᠷ᠎ᠡ ᠬᠥᠪᠡᠭᠦᠳ ᠂ ᠦᠨᠡᠨᠴᠢ ᠵᠢᠷᠤᠮ ᠤᠨ ᠠᠮᠠᠷᠠᠭ ᠬᠠᠨᠢ ᠂ ᠠᠨᠳᠠ ᠨᠥᠬᠥᠳ ᠰᠡᠯᠲᠡ ᠪᠡᠨ ᠬᠠᠶᠢᠷᠠᠯᠠᠨ ᠬᠠᠯᠠᠭᠤᠨ ᠡᠬᠡ ᠣᠷᠣᠨᠴᠢ ᠰᠡᠳᠬᠢᠯ ᠢ  ᠮᠠᠨᠢ ᠤᠨᠳᠤᠷᠤᠭᠤᠯᠤᠭ ᠰᠠᠶᠢᠬᠠᠨ ᠵᠦᠢᠯ ᠲᠥᠷᠥᠯ ᠦᠨ ᠣᠯᠠᠨ ᠢᠶᠠᠷ ᠢᠶᠠᠨ ᠠᠭᠤᠯᠭ᠎ᠠ ᠬᠡᠯᠪᠡᠷᠢ ᠶᠢᠨ ᠪᠠᠶᠠᠯᠢᠭ ᠢᠶᠠᠷ ᠢᠶᠠᠨ ᠲᠠᠯ᠎ᠠ ᠨᠤᠲᠤᠭ ᠤᠨ ᠮᠣᠩᠭᠣᠯᠴᠤᠳ ᠤᠨ ᠠᠮᠢᠳᠤᠷᠠᠯ ᠤᠨ ᠪᠦᠬᠦᠶᠢᠯᠡ ᠬᠦᠷᠢᠶ᠎ᠡ ᠬᠡᠪᠴᠢᠶ᠎ᠡ ᠶᠢ ᠬᠠᠮᠤᠷᠤᠨ ᠪᠠᠭᠲᠠᠭᠠᠰᠠᠨ ᠪᠢᠯᠡ ᠃      ᠤᠷᠲᠤ ᠶᠢᠨ ᠳᠠᠭᠤᠤ ᠶᠢᠨ ᠲᠠᠷᠬᠠᠯᠲᠠ ᠶᠢᠨ ᠬᠦᠷᠢᠶ᠎ᠡ ᠬᠡᠪᠴᠢᠶ᠎ᠡ ᠮᠠᠰᠢ ᠥᠷᠭᠡᠨ ᠠᠭᠤᠳᠠᠮ ᠪᠠᠶᠢᠵᠤ ᠂ ᠠᠽᠢᠶ᠎ᠠ ᠧᠦ᠍ᠷᠣᠫᠠ ᠬᠣᠶᠠᠷ ᠲᠢᠪ ᠢᠶᠡᠷ ᠲᠦᠭᠡᠭᠡᠨ ᠲᠠᠷᠬᠠᠭᠰᠠᠨ ᠪᠠᠶᠢᠳᠠᠭ ᠶᠤᠮ ᠃ ᠤᠯᠤᠰ ᠤᠨ ᠳᠣᠲᠣᠭᠠᠳᠤ ᠳᠤ ᠥᠪᠥᠷ ᠮᠣᠩᠭᠣᠯ  ᠤᠨ ᠥᠪᠡᠷᠲᠡᠭᠡᠨ ᠵᠠᠰᠠᠬᠤ ᠣᠷᠣᠨ ᠂ ᠰᠢᠨᠵᠢᠶᠠᠩ ᠂ ᠬᠥᠬᠡᠨᠠᠭᠤᠷ ᠂ ᠭᠠᠨᠰᠦ ᠂ ᠯᠢᠶᠣᠣᠨᠢᠩ ᠂ ᠬᠢᠷᠢᠨ ᠂ ᠬᠠᠷᠠᠮᠥ᠍ᠷᠡᠨ ᠵᠡᠷᠭᠡ ᠮᠤᠵᠢ ᠣᠷᠣᠨ ᠳᠤ ᠲᠦᠭᠡᠭᠡᠨ ᠲᠠᠷᠬᠠᠭᠰᠠᠨ ᠪᠠᠶᠢᠳᠠᠭ ᠃ ᠤᠯᠤᠰ ᠤᠨ ᠭᠠᠳᠠᠭᠠᠳᠤ ᠳᠤ ᠮᠣᠩᠭᠣᠯ ᠤᠯᠤᠰ ᠂ ᠤᠷᠤᠰ ᠤᠨ ᠬᠣᠯᠪᠣᠭᠠᠨ ᠤ ᠪᠤᠷᠢᠶᠠᠳ ᠂ ᠬᠠᠯᠢᠮᠠᠭ ᠂ ᠲᠤᠸᠠ ᠵᠡᠷᠭᠡ ᠤᠯᠤᠰ ᠢᠶᠠᠷ ᠲᠦᠭᠡᠭᠡᠨ ᠲᠠᠷᠬᠠᠵᠤ ᠳᠡᠯᠡᠬᠡᠢ ᠶᠢᠨ ᠰᠢᠨᠵᠢᠲᠡᠢ ᠰᠣᠶᠣᠯ ᠤᠷᠠᠯᠢᠭ ᠤᠨ ᠦᠵᠡᠭᠳᠡᠯ ᠢ ᠪᠤᠢ ᠪᠣᠯᠭᠠᠵᠠᠢ ᠃

ᠤᠷᠳᠦ  ᠶᠢᠨ ᠲᠠᠭᠤᠤ  ᠶᠢᠨ ᠤᠨᠴᠠᠯᠢᠭ ᠂ ᠲᠦᠷᠦᠯ ᠵᠦᠢᠯ

ᠰᠢᠭᠦᠮᠵᠢ ᠦᠯᠡᠳᠡᠭᠡᠬᠦ