• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 4 | 1 ᠠᠮᠢᠰᠬᠤᠯ ᠤᠨ ᠳᠠᠰᠬᠠᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   43
  • ᠄   0
  • ᠄   0
  • ᠄  0

ᠠᠮᠢᠰᠬᠤᠯ ᠪᠣᠯ ᠳᠠᠭᠤᠤ ᠳᠠᠭᠤᠯᠠᠬᠤ ᠶᠢᠨ ᠬᠥᠳᠡᠯᠭᠡᠬᠦ ᠬᠦᠴᠦᠨ ᠪᠣᠯᠬᠤ ᠲᠤᠯᠠ ᠠᠩᠬ᠎ᠠ ᠡᠬᠢᠯᠡᠵᠦ ᠳᠠᠭᠤᠯᠠᠵᠤ ᠰᠤᠷᠬᠤ ᠬᠥᠮᠦᠨ ᠡᠩ ᠲᠡᠷᠢᠭᠦᠨ ᠳᠦ ᠠᠮᠢᠰᠬᠤᠯ ᠤᠨ ᠵᠥᠪ ᠠᠷᠭ᠎ᠠ ᠪᠠᠷᠢᠯ ᠢ ᠡᠵᠡᠮᠰᠢᠬᠦ ᠶᠣᠰᠣᠲᠠᠢ ᠃ ᠶᠠᠭᠤᠨ ᠤ ᠤᠷᠢᠳ ᠣᠶᠤᠨ ᠲᠠᠷᠢᠬᠢᠨ᠎ᠠ ᠵᠥᠪ ᠣᠶᠢᠯᠠᠭᠠᠯᠲᠠ ᠲᠠᠢ ᠪᠣᠯᠤᠭᠰᠠᠨ ᠤ ᠳᠠᠷᠠᠭ᠎ᠠ ᠲᠡᠭᠦᠨ ᠳᠡᠭᠡᠨ ᠲᠤᠯᠭᠠᠭᠤᠷᠢᠭᠤᠯᠵᠤ ᠳᠠᠰᠬᠠᠯ ᠪᠣᠯᠪᠠᠰᠤᠷᠠᠯ ᠬᠢᠨ᠎ᠡ ᠃ ᠭᠡᠬᠦ ᠳᠡᠭᠡᠨ ᠵᠥᠪ ᠣᠶᠢᠯᠠᠭᠠᠯᠲᠠ ᠲᠠᠢ ᠪᠣᠯᠴᠢᠬᠠᠯ᠎ᠠ ᠭᠡᠳ ᠵᠥᠪ ᠠᠷᠭ᠎ᠠ ᠪᠠᠷᠢᠯ ᠥᠪᠡᠷ ᠢᠶᠡᠨ ᠪᠤᠢ ᠪᠣᠯᠬᠤ ᠪᠢᠰᠢ ᠂ ᠵᠠᠪᠠᠯ ᠣᠯᠠᠨ ᠤᠳᠠᠭ᠎ᠠ ᠲᠠᠬᠢᠨ ᠳᠠᠪᠲᠠᠨ ᠳᠠᠰᠬᠠᠯ ᠳᠠᠳᠤᠯᠭ᠎ᠠ ᠬᠢᠵᠦ ᠪᠠᠶᠢᠮᠠᠨᠵᠢᠨ ᠰᠠᠶ᠋ᠢ ᠵᠥᠪ ᠠᠷᠭ᠎ᠠ ᠪᠠᠷᠢᠯ ᠢ ᠪᠠᠲᠤᠳᠬᠠᠵᠤ ᠴᠢᠳᠠᠨ᠎ᠠ ᠃ ᠡᠭᠦᠨ ᠢ ᠡᠷᠳᠡᠮᠲᠡᠨ ᠪᠠᠭᠰᠢ ᠬᠡᠷᠡᠯᠳᠦ ᠶᠢᠨ ︽ ᠤᠷᠲᠤ ᠶᠢᠨ ᠳᠠᠭᠤᠤ ᠲᠠᠭᠤᠯᠠᠬᠤᠢ ︾ ᠭᠡᠬᠦ ᠨᠣᠮ  ᠳᠠᠭᠠᠨ ᠢᠩᠭᠢᠵᠦ ᠲᠠᠶᠢᠯᠪᠤᠷᠢᠯᠠᠭᠰᠠᠨ ᠪᠠᠶᠢᠳᠠᠭ ᠃

ᠠᠩᠬᠠᠨ ᠤ ᠱᠠᠲᠤᠨ ᠳᠤ ᠲᠠᠩ ᠠᠮᠢᠰᠬᠤᠯ ᠤᠨ ᠳᠠᠰᠬᠠᠯ ᠬᠢᠵᠦ ᠪᠣᠯᠪᠠᠰᠤᠷᠠᠨ᠎ᠠ ᠃ ᠡᠨᠡ ᠳᠠᠰᠬᠠᠯ ᠢ ᠬᠢᠬᠦ ᠳᠡᠭᠡᠨ ᠠᠮᠢᠰᠬᠤᠯ ᠢᠶᠠᠨ ᠠᠭᠠᠵᠢᠮᠬᠠᠨ ᠤᠳᠠᠭᠠᠨ ᠠᠪᠴᠤ ᠲᠠᠬᠢᠨ ᠠᠭᠠᠵᠢᠮᠬᠠᠨ ᠲᠠᠯᠪᠢᠵᠤ ᠳᠠᠭᠤᠰᠬᠠᠨᠨ᠎ᠠ ᠃ ᠬᠣᠶᠠᠳᠤᠭᠠᠷ ᠱᠠᠲᠤᠨ ᠳᠤ ᠬᠤᠷᠳᠤᠨ ᠠᠪᠬᠤ ᠠᠮᠢᠰᠬᠤᠯ ᠤᠨ ᠳᠠᠰᠬᠠᠯ ᠬᠢᠨ᠎ᠡ ᠃ ᠠᠮᠢᠰᠬᠤᠯ ᠢᠶᠠᠨ ᠭᠱᠠᠨ ᠵᠠᠭᠤᠷ᠎ᠠ ᠲᠦᠷᠭᠡᠨ ᠢᠶᠡᠷ ᠠᠪᠴᠤ ᠳᠦᠭᠦᠷᠭᠡᠭᠡᠳ ᠠᠭᠠᠵᠢᠮ ᠢᠶᠠᠷ ᠡᠵᠡᠮᠰᠢᠯ ᠲᠡᠢ ᠪᠡᠷ ᠲᠠᠯᠪᠢᠵᠤ ᠳᠠᠭᠤᠰᠬᠠᠨ᠎ᠠ ᠃ ᠠᠮᠢᠰᠬᠤᠯ ᠢᠶᠠᠨ ᠵᠠᠪᠠᠯ ᠭᠦᠨ ᠭᠦᠨᠵᠡᠭᠡᠢ ᠠᠪᠴᠤ ᠂ ᠬᠡᠪᠡᠯᠢ ᠶᠢᠨ ᠲᠣᠳᠣᠷ᠎ᠠ ᠣᠷᠣᠵᠤ ᠪᠠᠶᠢᠬᠤ ᠰᠢᠭ ᠲᠥᠷᠥᠭᠳᠡᠯ ᠲᠡᠢ ᠪᠠᠶᠢᠬᠤ ᠬᠡᠷᠡᠭᠲᠡᠢ ᠃

ᠭᠤᠷᠪᠠᠳᠤᠭᠠᠷ ᠱᠠᠲᠤᠨ ᠳᠤ ᠠᠮᠢᠰᠬᠤᠯ ᠲᠥᠭᠡᠵᠢᠬᠦ ᠳᠠᠰᠬᠠᠯ ᠢ ᠪᠣᠯᠪᠠᠰᠤᠷᠠᠨ᠎ᠠ ᠃ ᠠᠮᠢᠰᠬᠤᠯ ᠢᠶᠠᠨ ᠮᠥᠨ ᠲᠦᠷᠭᠡᠨ ᠠᠪᠴᠤ ᠥᠴᠦᠬᠡᠨ ᠴᠣ ᠭᠠᠷᠭᠠᠯ ᠦᠭᠡᠢ ᠪᠡᠷ ᠤᠳᠠᠭᠠᠨ ᠳᠠᠭᠠᠭᠠᠮᠠᠭᠠᠢ ᠲᠦᠭᠵᠢᠵᠦ ᠲᠦᠷᠭᠡᠨ ᠲᠠᠯᠪᠢᠵᠤ ᠭᠠᠷᠡᠭᠠᠨ᠎ᠠ ᠃ ᠠᠮᠢᠰᠬᠤᠯ ᠢᠶᠠᠨ ᠲᠦᠭᠵᠢᠬᠦ ᠦᠶ᠎ᠡ ᠳᠦ ᠪᠤᠯᠴᠢᠩ ᠮᠢᠬ᠎ᠠ ᠨᠤᠭᠤᠳ ᠤᠨ ᠬᠥᠳᠡᠯᠭᠡᠭᠡᠨ ᠂ ᠠᠮᠢᠰᠬᠤᠯ ᠤᠨ ᠲᠤᠯᠭᠠᠭᠤᠷᠢᠭᠤᠯᠬᠤ ᠬᠦᠴᠦᠨ ᠦ ᠲᠥᠪᠯᠡᠷᠡᠯ ᠂ ᠬᠡᠪᠡᠯᠢ ᠶᠢᠨ ᠪᠡᠶ᠎ᠡ ᠶᠢᠨ ᠳᠡᠭᠡᠭᠰᠢ ᠲᠦᠷᠢᠬᠦ ᠬᠦᠴᠦᠨ ᠵᠡᠷᠭᠡ ᠶᠢᠨ ᠠᠵᠢᠯᠯᠠᠭ᠎ᠠ ᠶᠢ ᠣᠨᠴᠠᠭᠠᠶᠢᠯᠠᠨ ᠠᠩᠬᠠᠷᠪᠠᠯ ᠵᠣᠬᠢᠨ᠎ᠠ ᠃ ᠠᠮᠢᠰᠬᠤᠯ ᠢᠶᠠᠨ ᠲᠠᠯᠪᠢᠬᠤ ᠳᠠᠭᠠᠨ ᠵᠠᠪᠠᠯ ᠪᠦᠭᠦᠳᠡ ᠶᠢ ᠲᠠᠯᠪᠢᠵᠤ ᠭᠠᠷᠭᠠᠨ᠎ᠠ ᠃

ᠠᠮᠢᠰᠬᠤᠯ ᠤᠨ ᠳᠠᠰᠬᠠᠯ

ᠰᠢᠭᠦᠮᠵᠢ ᠦᠯᠡᠳᠡᠭᠡᠬᠦ