• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 6|   3 ︽ ᠡᠪᠦᠭᠡᠨ ᠰᠢᠪᠠᠭᠤ ︾ ᡀᠵᠠᠪ ᠳᠠᠭᠤᠯᠠᠨ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   41
  • ᠄   0
  • ᠄   0
  • ᠄  0

ᠡᠪᠦᠭᠡᠨ ᠰᠢᠪᠠᠭᠤ

ᠵᠧ  ᠭᠠᠳᠠᠭᠠᠳᠤ ᠶᠡᠬᠡ ᠲᠡᠯᠡᠢ ᠶᠢᠨ ᠢᠶᠡᠨ ᠵᠠᠬ᠎ᠠ ᠠᠴᠠ  ᠨᠢ

ᠭᠠᠩᠭᠢᠨᠠᠨ ᠭᠣᠩᠭᠢᠨᠠᠨ ᠢᠷᠡᠳᠡᠭ  ᠴᠢᠨᠢ ᠶᠠᠭᠤ ᠲᠠᠢ ᠰᠠᠶᠢᠬᠠᠨ ᠪᠢᠯᠡ ᠳ᠋ᠠ ᠂

ᠠᠩᠭ᠎ᠠ ᠥᠨᠳᠡᠭᠡᠨ ᠲᠤᠯᠤᠭᠠᠨ ᠭᠠᠯᠠᠭᠤ  ᠮᠢᠨᠢ ᠠ᠋

ᠠᠷᠤ ᠭᠠᠵᠠᠷ ᠲᠠᠭᠠᠨ ᠬᠦᠷᠴᠦ ᠢᠷᠡᠭᠡᠳ ᠠᠮᠤᠷ ᠮᠠᠨᠳᠤ ᠪᠠᠷ ᠪᠣᠶᠢᠵᠢᠨ ᠰᠠᠭᠤᠭᠠᠷᠠᠢ ᠳ᠋ᠠ ᠃

ᠵᠧ  ᠨᠠᠮᠤᠷ ᠤᠨ ᠰᠡᠷᠢᠭᠦᠨ ᠬᠦᠷᠦᠭᠡᠳ ᠢᠷᠡᠯ᠎ᠡ

ᠨᠠᠪᠴᠢ ᠨᠣᠭᠣᠭᠠᠨ ᠤ ᠥᠩᠭᠡ  ᠨᠢ ᠴᠣ ᠪᠠᠭᠤᠷᠠᠯ᠎ᠠ ᠳ᠋ᠠ ᠬᠥ᠋ ᠂

ᠬᠠᠶᠢᠷᠠᠲᠤ ᠥᠨᠳᠡᠭᠡᠨ ᠲᠤᠯᠤᠭᠠᠨ ᠭᠠᠯᠠᠭᠤ  ᠮᠢᠨᠢ

ᠬᠠᠯᠠᠭᠤᠨ ᠭᠠᠵᠠᠷ ᠲᠠᠭᠠᠨ ᠪᠤᠴᠠᠵᠤ ᠠᠶ᠎ᠠ ᠳᠠᠪᠠ ᠪᠠᠷ ᠴᠡᠩᠭᠡᠯᠳᠦᠨ ᠰᠠᠭᠤᠭᠠᠷᠠᠢ ᠃

ᠵᠧ  ᠡᠪᠦᠭᠡᠨ ᠰᠢᠪᠠᠭᠤ ᠪᠢ  ᠴᠢᠨᠢ ᠠᠭᠤᠯᠠ ᠭᠣᠣᠯ ᠤᠨ ᠬᠢᠩᠭᠠᠨ ᠳᠡᠭᠡᠭᠦᠷ

ᠲᠡᠪᠡᠷᠢᠩᠭᠡᠨ ᠨᠢᠰᠦᠭᠡᠳ ᠬᠣᠴᠣᠷᠳᠠᠭ ᠯᠠ ᠪᠠᠶᠢᠯᠭᠦᠢ ᠳ᠋ᠠ ᠬᠥ᠋

ᠡᠪᠦᠭᠡᠨ ᠰᠢᠪᠠᠭᠤ ᠪᠢ  ᠴᠢᠨᠢ ᠡᠪᠦᠭᠡᠷᠡᠶ᠎ᠡ ᠭᠡᠳ ᠡᠪᠦᠭᠡᠷᠡᠭᠰᠡᠨ ᠦᠭᠡᠢ

ᠥᠩᠭᠡ ᠶᠢᠷᠲᠢᠨᠴᠦ ᠶᠢᠨ ᠵᠠᠩ ᠵᠢᠷᠤᠮ ᠢᠶᠠᠷ ᠡᠪᠦᠭᠡᠷᠡᠯ᠎ᠡ ᠰᠢᠤ ᠬᠥ᠋ ᠃

ᠵᠧ  ᠥᠨᠳᠡᠭᠡᠨ ᠲᠤᠯᠤᠭᠠᠨ ᠭᠠᠯᠠᠭᠤ  ᠮᠢᠨᠢ

ᠥᠨᠢ ᠳᠤᠯᠠᠭᠠᠨ ᠭᠠᠵᠠᠷ ᠲᠠᠭᠠᠨ ᠬᠦᠷᠦᠭᠡᠳ

ᠠᠮᠤᠷ ᠮᠠᠨᠳᠤ ᠪᠠᠷ  ᠵᠢᠷᠭᠠᠵᠤ ᠴᠡᠩᠭᠡᠯᠳᠦᠭᠡᠷᠡᠢ ᠳ᠋ᠠ ᠬᠥ᠋ ᠃

ᠵᠧ  ᠵᠢᠷᠭᠠᠯ ᠲᠠᠢ ᠳᠡᠯᠡᠬᠡᠢ ᠳᠡᠯᠭᠡᠷᠡᠬᠦ ᠵᠤᠨ ᠤ ᠭᠤᠷᠪᠠᠨ ᠰᠠᠷ᠎ᠠ ᠳᠤ

ᠵᠢᠭᠦᠷᠲᠡᠨ ᠣᠯᠠᠨ ᠰᠢᠪᠠᠭᠤᠳ  ᠮᠢᠨᠢ ᠵᠢᠭᠳᠡᠯᠡᠨ ᠳᠡᠪᠳᠡᠷᠢᠳᠡᠭ  ᠨᠢ ᠶᠠᠭᠤ ᠪᠤᠢ ᠬᠥ᠋ ᠃

ᠵᠧ  ᠢᠷᠡᠬᠦ ᠳᠥᠷᠪᠡᠨ ᠴᠠᠭ ᠤᠨ ᠡᠷᠭᠢᠯᠲᠡ ᠳᠦ ᠡᠷᠴᠢᠮᠲᠡᠢ ᠵᠤᠨ ᠤ ᠭᠤᠷᠪᠠᠨ ᠰᠠᠷ᠎ᠠ ᠳᠤ

ᠡᠨᠡ ᠰᠡᠷᠢᠭᠦᠨ ᠲᠤᠩᠭᠠᠯᠠᠭ ᠲᠡᠯᠡᠢ ᠳᠦ ᠴᠡᠩᠭᠡᠨ ᠵᠢᠷᠭᠠᠶ᠎ᠠ ᠭᠡᠳ ᠢᠷᠡᠭᠰᠡᠨ ᠪᠢᠯᠡ ᠃

ᠵᠧ  ᠰᠠᠨᠠᠵᠤ ᠢᠷᠡᠭᠰᠡᠨ ᠲᠡᠯᠡᠢ ᠳᠡᠭᠡᠨ ᠰᠠᠨᠠᠭ᠎ᠠ ᠪᠠᠷ ᠢᠶᠠᠨ ᠵᠢᠷᠭᠠᠵᠤ ᠪᠠᠶᠢᠲᠠᠯ᠎ᠠ

ᠰᠠᠶᠢᠬᠠᠨ ᠨᠠᠮᠤᠷ ᠤᠨ ᠰᠡᠭᠦᠯᠡᠷ ᠰᠠᠯᠵᠤ ᠰᠠᠷᠨᠢᠳᠠᠭ  ᠨᠢ ᠶᠠᠭᠤ ᠪᠤᠢ ᠬᠥ᠋ ᠃

ᠵᠧ  ᠥᠨᠳᠥᠷ ᠠᠭᠤᠯᠠ ᠶᠢᠨ ᠣᠷᠣᠢ ᠳᠤ ᠡᠭᠦᠯᠡ ᠪᠣᠰᠤᠨ ᠪᠤᠲᠠᠷᠠᠵᠤ

ᠡᠪᠦᠷ ᠳᠤᠯᠠᠭᠠᠨ ᠨᠤᠲᠤᠭ ᠲᠠᠭᠠᠨ ᠡᠪᠦᠯᠵᠢᠨ᠎ᠡ ᠬᠡᠮᠡᠨ ᠪᠤᠴᠠᠳᠠᠭ ᠪᠢᠯᠡ ᠬᠥ᠋ ᠃

ᠵᠧ  ᠲᠡᠭᠷᠢ ᠳᠡᠯᠡᠬᠡᠢ ᠶᠢᠨ ᠶᠠᠪᠤᠳᠠᠯ ᠲᠡᠭᠰᠢ ᠦᠭᠡᠢ ᠳᠥᠷᠪᠡᠨ ᠴᠠᠭ

ᠥᠨᠳᠡᠭᠡᠨ ᠲᠤᠯᠤᠭᠠᠨ ᠭᠠᠯᠠᠭᠤ  ᠮᠢᠨᠢ ᠨᠤᠲᠤᠭ ᠲᠠᠭᠠᠨ ᠮᠠᠨᠳᠤ ᠪᠤᠴᠠᠭᠠᠷᠠᠢ ᠃

ᠵᠧ  ᠡᠪᠦᠭᠡᠨ ᠰᠢᠪᠠᠭᠤ ᠪᠢ  ᠴᠢᠨᠢ ᠡᠪᠦᠭᠡᠷᠡᠶ᠎ᠡ ᠬᠡᠮᠡᠨ ᠡᠪᠦᠭᠡᠷᠡᠭᠰᠡᠨ ᠦᠭᠡᠢ

ᠡᠳᠦᠷ ᠰᠠᠷ᠎ᠠ ᠶᠢᠨ ᠤᠳᠠᠭᠠᠨ ᠳᠤ ᠥᠲᠥ ᠰᠦᠲᠦ  ᠮᠢᠨᠢ ᠮᠠᠭᠤᠳᠠᠵᠤ ᠡᠪᠦᠭᠡᠷᠡᠭᠰᠡᠨ ᠪᠢᠯᠡ

︽ ᠡᠪᠦᠭᠡᠨ ᠰᠢᠪᠠᠭᠤ ︾ ᡀᠵᠠᠪ ᠳᠠᠭᠤᠯᠠᠨ᠎ᠠ

ᠰᠢᠭᠦᠮᠵᠢ ᠦᠯᠡᠳᠡᠭᠡᠬᠦ