• 1 ℃
    2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • 01.ᠮᠣᠩᠭᠣᠯ ᠦᠨᠳᠦᠰᠦᠲᠡᠨ ᠦ ᠪᠥᠵᠢᠭ ᠦᠨ ᠤᠷᠠᠯᠢᠭ ᠤᠨ ᠲᠣᠪᠴᠢ ᠲᠠᠨᠢᠯᠴᠠᠭᠤᠯᠭ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-06
  • ᠄   53
  • ᠄   0
  • ᠄   0
  • ᠄  0

1.ᠮᠣᠩᠭᠣᠯ ᠦᠨᠳᠦᠰᠦᠲᠡᠨ ᠦ ᠪᠥᠵᠢᠭ ᠦᠨ ᠤᠷᠠᠯᠢᠭ ᠤᠨ ᠲᠣᠪᠴᠢ ᠲᠠᠨᠢᠯᠴᠠᠭᠤᠯᠭ᠎ᠠ

ᠤᠷᠲᠤ ᠤᠳᠠᠭᠠᠨ ᠲᠡᠦᠬᠡ ᠲᠡᠢ ᠮᠣᠩᠭᠣᠯ ᠦᠨᠳᠦᠰᠦᠲᠡᠨ ᠦ ᠪᠥᠵᠢᠭ ᠦᠨ  ᠤᠷᠠᠯᠢᠭ  ᠨᠢ ᠮᠠᠨ ᠤ ᠤᠯᠤᠰ ᠤᠨ ᠤᠮᠠᠷᠠᠲᠤ ᠣᠷᠣᠨ ᠤ ᠨᠡᠭᠦᠳᠡᠯᠯᠡᠨ ᠮᠠᠯᠯᠠᠬᠤ ᠦᠨᠳᠦᠰᠦᠲᠡᠨ ᠦ ᠪᠥᠵᠢᠭ ᠦᠨ ᠰᠣᠶᠣᠯ ᠤᠨ ᠪᠦᠷᠢᠯᠳᠦᠭᠦᠯᠦᠯ ᠪᠠ ᠬᠤᠷᠢᠶᠠᠩᠭᠤᠶᠢᠯᠠᠯ ᠪᠣᠯᠬᠤ ᠶᠤᠮ ᠃ ᠥᠩᠭᠡᠷᠡᠭᠰᠡᠨ ᠣᠳᠣ ᠬᠡᠵᠢᠶᠡᠳᠡ ᠴᠣ ᠶᠡᠷᠦ  ᠨᠢ ᠲᠠᠯ᠎ᠠ ᠨᠤᠲᠤᠭ ᠤᠨ ᠪᠠᠬᠠᠷᠤᠭᠤᠰᠢᠲᠠᠢ ᠦᠨᠦᠷ ᠠᠮᠲᠠ ᠬᠠᠩᠬᠤᠯᠤᠨ  ᠬᠦᠰᠡᠬᠦᠶᠢᠴᠡ ᠠᠭᠤᠷ ᠠᠮᠢᠰᠬᠤᠯ ᠰᠠᠪᠰᠠᠯᠠᠨ ᠥᠩᠭᠡ ᠦᠵᠡᠮᠵᠢᠲᠦ  ᠬᠥᠳᠡᠯᠮᠦᠷᠢ ᠦᠢᠯᠡᠳᠪᠦᠷᠢᠯᠡᠯ ᠦᠨ ᠠᠮᠢᠳᠤᠷᠠᠯ ᠤᠨ ᠵᠢᠷᠤᠭ ᠲᠣᠳᠣᠷᠠᠭᠠᠳ ᠂ ᠳᠤᠮᠳᠠᠳᠤ ᠶᠢᠨ ᠦᠨᠳᠦᠰᠦᠲᠡᠨ ᠨᠦ᠋ᠭᠦᠳ ᠦᠨ ᠰᠠᠴᠤᠷᠠᠩᠭᠤᠢ ᠪᠥᠵᠢᠭ ᠦᠨ ᠰᠣᠶᠣᠯ ᠳᠤ ᠨᠢᠭᠡ ᠬᠤᠪᠢ ᠥᠩᠭᠡ ᠭᠢᠯᠪᠠᠭ᠎ᠠ ᠨᠡᠮᠡᠷᠢᠯᠡᠵᠦ ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠣᠳᠣ ᠬᠦᠷᠲᠡᠯᠡᠬᠢ  ᠮᠣᠩᠭᠣᠯ ᠦᠨᠳᠦᠰᠦᠲᠡᠨ ᠦ ᠤᠷᠠᠯᠢᠭ ᠂ ᠪᠥᠵᠢᠭ ᠦᠨ ᠵᠣᠬᠢᠶᠠᠨ ᠪᠦᠲᠦᠭᠡᠯᠭᠡ ᠪᠠ ᠲᠣᠭᠯᠠᠯᠲᠠ  ᠶᠢᠨ ᠠᠮᠢ ᠨᠠᠰᠤᠨ ᠤ ᠭᠤᠸ᠎ᠠ ᠰᠠᠶᠢᠬᠠᠨ ᠳᠤ ᠬᠥᠮᠦᠨ ᠦ ᠴᠢᠨᠠᠷ ᠤᠨ ᠭᠤᠸ᠎ᠠ ᠰᠠᠶᠢᠬᠠᠨ  ᠳᠤ  ᠵᠣᠷᠢᠭ ᠰᠠᠨᠠᠭᠠᠨ ᠤ ᠭᠤᠸ᠎ᠠ ᠰᠠᠶᠢᠬᠠᠨ ᠳᠤ ᠪᠠᠶᠢᠭᠠᠯᠢᠭ ᠭᠤᠸ᠎ᠠ ᠰᠠᠶᠢᠬᠠᠨ ᠳᠤ ᠬᠡᠮᠵᠢᠶᠡᠯᠡᠰᠢ ᠦᠭᠡᠢ ᠠᠷᠪᠢᠨ ᠤᠷᠠᠯᠢᠭ  ᠤᠨ ᠰᠢᠮ᠎ᠡ ᠲᠡᠵᠢᠭᠡᠯ ᠪᠠ ᠭᠦᠨ ᠵᠤᠵᠠᠭᠠᠨ ᠰᠣᠶᠣᠯ ᠤᠨ ᠨᠠᠷᠢᠨ ᠠᠭᠤᠯᠭ᠎ᠠ  ᠶᠢ ᠣᠯᠭᠣᠭᠰᠠᠭᠠᠷ ᠢᠷᠡᠵᠡᠢ ᠃

ᠥᠷᠭᠡᠨ ᠠᠭᠤᠳᠠᠮ ᠥᠪᠥᠷ ᠮᠣᠩᠭᠣᠯ ᠤᠨ ᠲᠠᠯ᠎ᠠ ᠨᠤᠲᠤᠭ ᠪᠣᠯ ᠰᠠᠷᠠᠭᠤᠯ ᠨᠤᠲᠤᠭ ᠤᠨ ᠰᠣᠶᠣᠯ ᠪᠣᠯᠪᠠᠰᠤᠨ ᠢ ᠪᠤᠢ ᠪᠣᠯᠭᠠᠬᠤ ᠪᠠᠶᠢᠭᠠᠯᠢᠭ ᠲᠦᠰᠢᠭ ᠪᠠᠶᠢᠵᠤ ᠮᠣᠩᠭᠣᠯ ᠦᠨᠳᠦᠰᠦᠲᠡᠨ ᠦ ᠣᠨᠴᠣᠭᠣᠢ  ᠰᠣᠶᠣᠯ ᠤᠨ ᠵᠣᠷᠢᠭ ᠰᠠᠨᠠᠭ᠎ᠠ ᠂ ᠭᠤᠸ᠎ᠠ ᠲᠠᠭᠠᠰᠢᠶᠠᠯ ᠤᠨ ᠴᠢᠭᠯᠡᠯ ᠢ ᠪᠦᠷᠢᠯᠳᠦᠭᠦᠯᠦᠨ ᠲᠣᠭᠲᠠᠭᠠᠭᠰᠠᠨ ᠶᠤᠮ ᠃ ᠳᠠᠭᠤᠤ ᠪᠥᠵᠢᠭ ᠲᠦ ᠪᠠᠬᠠᠲᠠᠢ ᠮᠣᠩᠭᠣᠯ ᠦᠨᠳᠦᠰᠦᠲᠡᠨ ᠦ ᠠᠷᠠᠳ ᠲᠦᠮᠡᠨ ᠣᠯᠠᠨ ᠵᠠᠭᠤᠨ ᠵᠢᠯ ᠦᠨ ᠲᠡᠦᠬᠡᠨ ᠶᠠᠪᠤᠴᠠ ᠳᠤ ᠤᠰᠤ ᠪᠡᠯᠴᠢᠭᠡᠷ ᠢ ᠰᠣᠩᠭᠣᠨ ᠳᠠᠭᠠᠵᠤ ᠨᠡᠭᠦᠳᠡᠯᠯᠡᠨ ᠮᠠᠯᠯᠠᠨ ᠠᠵᠤ  ᠲᠥᠷᠥᠭᠰᠡᠨ ᠠᠮᠢᠳᠤᠷᠠᠯ  ᠨᠢ ᠮᠠᠰᠢ ᠣᠯᠠᠨ ᠦᠨᠳᠦᠰᠦᠲᠡᠨ ᠦ ᠣᠨᠴᠠᠯᠢᠭ ᠪᠦᠬᠦᠢ ᠣᠷᠣᠨ ᠨᠤᠲᠤᠭ ᠤᠨ  ᠥᠩᠭᠡ ᠠᠶᠠᠰ ᠲᠠᠢ ᠠᠷᠠᠳ ᠤᠨ ᠪᠥᠵᠢᠭ ᠦᠨ ᠤᠷᠠᠯᠢᠭ ᠢ ᠡᠭᠦᠳᠦᠨ ᠪᠦᠲᠦᠭᠡᠭᠰᠡᠨ ᠪᠠᠶᠢᠨ᠎ᠠ ᠃ ᠲᠡᠳᠡᠨᠦᠰ ᠬᠥᠳᠡᠬᠢ ᠣᠮᠣᠭᠯᠠᠩ ᠪᠤᠶᠤ ᠲᠥᠪᠯᠡᠭᠦᠨ ᠡᠪᠯᠡᠬᠦᠨ ᠪᠥᠵᠢᠭ ᠦᠨ ᠬᠡᠯᠪᠡᠷᠢ ᠪᠡᠷ  ᠳᠠᠮᠵᠢᠭᠤᠯᠵᠤ ᠰᠠᠶᠢᠨ ᠰᠠᠶᠢᠬᠠᠨ ᠠᠮᠢᠳᠤᠷᠠᠯ ᠳᠤ ᠲᠠᠮᠤᠯᠡᠭ᠍ᠰᠡᠨ ᠬᠦᠰᠡᠯ ᠨᠠᠶᠢᠳᠠᠪᠤᠷᠢ ᠂ ᠬᠦᠴᠦᠨ ᠴᠢᠳᠠᠯ ᠪᠣᠯᠤᠨ ᠡᠷᠡᠯᠬᠡᠭ ᠵᠣᠷᠢᠭ ᠢ ᠮᠠᠭᠲᠠᠨ ᠳᠠᠭᠤᠯᠠᠳᠠᠭ ᠃ ᠲᠠᠲᠠ ᠪᠥᠵᠢᠭ ᠦᠨ ᠲᠡᠮᠳᠡᠭ ᠢ ᠬᠡᠷᠡᠭᠯᠡᠨ  ᠣᠷᠣᠰᠢᠨ ᠲᠣᠭᠲᠠᠨᠢᠭᠰᠠᠨ ᠲᠠᠯ᠎ᠠ ᠨᠤᠲᠤᠭ ᠢᠶᠠᠨ ᠪᠠᠬᠠᠳᠤᠨ ᠪᠠᠬᠠᠷᠬᠠᠬᠤ ᠬᠠᠶᠢᠷᠠᠲᠤ ᠰᠡᠳᠬᠢᠯᠭᠡ ᠪᠡᠨ ᠲᠡᠮᠳᠡᠭᠯᠡᠭᠰᠡᠨ ᠥᠯᠥᠭᠡᠢ ᠪᠣᠯᠤᠭᠰᠠᠨ ᠰᠠᠷᠠᠭᠤᠯ ᠨᠤᠲᠤᠭ ᠲᠠᠭᠠᠨ ᠲᠥᠷᠥᠭᠰᠡᠨ ᠥᠰᠥᠭᠰᠡᠨ ᠂ ᠶᠠᠪᠤᠭᠰᠠᠨ ᠰᠠᠭᠤᠭᠰᠠᠨ ᠂ ᠪᠣᠳᠣᠭᠰᠠᠨ ᠬᠢᠭᠰᠡᠨ ᠪᠦᠬᠦᠨ ᠢ ᠲᠡᠮᠳᠡᠭᠯᠡᠭᠰᠡᠭᠡᠷ ᠢᠷᠡᠭᠰᠡᠨ ᠶᠤᠮ ᠃  ᠪᠥᠵᠢᠭ ᠲᠣᠭᠯᠠᠭᠠᠮ  ᠨᠢ ᠰᠠᠨᠠᠭ᠎ᠠ ᠰᠡᠳᠬᠢᠯ ᠲᠠᠯᠪᠢᠭᠤ ᠮᠠᠯᠴᠢᠳ ᠲᠤ ᠠᠪᠴᠤ ᠬᠡᠯᠡᠪᠡᠯ ᠶᠠᠭ ᠣᠷᠬᠢᠯᠤᠭ᠎ᠠ ᠪᠤᠯᠠᠭ ᠤᠨ ᠤᠰᠤ ᠰᠢᠭ᠍ ᠪᠡᠶ᠎ᠡ ᠰᠡᠳᠬᠢᠯ  ᠳᠦᠨᠢ ᠠᠭᠤᠰᠤᠨ ᠰᠢᠩᠭᠡᠵᠦ ᠂ ᠠᠶᠢᠵᠢᠮ ᠬᠡᠮᠨᠡᠯ ᠪᠡᠶ᠎ᠡ ᠮᠥᠴᠢ ᠶᠢᠨ ᠬᠡᠯᠡᠪᠦᠷ  ᠢ ᠬᠡᠷᠡᠭᠯᠡᠵᠦ ᠂ ᠦᠵᠡᠯ ᠰᠠᠨᠠᠯ ᠬᠠᠶᠢᠷ᠎ᠠ ᠰᠡᠳᠬᠢᠯᠭᠡ ᠪᠡᠨ ᠢᠯᠡᠳᠬᠡᠨ ᠂  ᠲᠡᠭᠦᠨ ᠡᠴᠡ ᠣᠶᠤᠨ ᠰᠠᠨᠠᠭᠠᠨ ᠤ ᠬᠠᠩᠭᠠᠯᠲᠠ ᠂ ᠳᠣᠲᠣᠭᠠᠳᠤ ᠰᠡᠳᠬᠢᠯ ᠦᠨ ᠪᠠᠶᠠᠷ ᠴᠡᠩᠭᠡᠯ ᠢ ᠣᠯᠳᠠᠭ ᠃ ᠮᠣᠩᠭᠣᠯ ᠦᠨᠳᠦᠰᠦᠲᠡᠨ ᠦ ᠪᠥᠵᠢᠭ ᠦᠨ ᠤᠷᠠᠯᠢᠭ  ᠨᠢ ᠶᠡᠷᠦ ᠡᠴᠡ ᠦᠨᠳᠦᠰᠦᠲᠡᠨ ᠦ ᠰᠣᠶᠣᠯ  ᠤᠨ ᠴᠣᠭ ᠵᠢᠪᠬᠤᠭ᠎ᠠ ᠪᠣᠯᠤᠨ ᠦᠨᠳᠦᠰᠦᠲᠡᠨ ᠦ ᠭᠤᠸ᠎ᠠ ᠲᠠᠭᠠᠰᠢᠶᠠᠯ ᠤᠨ ᠤᠷᠮᠠᠰ ᠰᠣᠨᠢᠷᠬᠠᠯ ᠲᠠᠢ  ᠰᠣᠯᠪᠢᠴᠠᠨ ᠨᠡᠶᠢᠭᠡᠮ ᠦᠨ ᠰᠠᠨᠠᠭ᠎ᠠ ᠰᠡᠳᠬᠢᠯᠭᠡ ᠪᠠ ᠪᠠᠶᠢᠭᠠᠯᠢᠭ ᠠᠬᠤᠢ ᠲᠠᠢ ᠨᠢᠭᠲᠠ ᠬᠣᠯᠪᠣᠭ᠎ᠠ ᠲᠠᠢ  ᠪᠠᠶᠢᠵᠤ ᠠᠳᠠᠯᠢ ᠪᠤᠰᠤ ᠶᠢᠨ ᠠᠮᠢᠵᠢᠯ ᠤᠨ ᠬᠦᠴᠦᠨ ᠪᠠ ᠭᠤᠸ᠎ᠠ ᠲᠠᠭᠠᠰᠢᠶᠠᠯ ᠤᠨ ᠤᠷᠮᠠᠰ ᠰᠡᠳᠬᠢᠯᠭᠡ ᠶᠢ ᠢᠯᠡᠷᠡᠭᠦᠯᠳᠡᠭ ᠃ ᠵᠠᠯᠭᠠᠮᠵᠢᠯᠠᠨ ᠤᠯᠠᠷᠢᠭᠤᠯᠬᠤ ᠬᠤᠪᠢᠷᠠᠯᠲᠠ ᠳᠤᠮᠳᠠ ᠵᠦᠢᠯ ᠵᠦᠢᠯ ᠦᠨ ᠡᠷᠲᠡᠨ  ᠦ ᠠᠶᠠᠯᠭᠤ ᠂ ᠰᠢᠨ᠎ᠡ ᠪᠠᠶᠢᠳᠠᠯ ᠢᠯᠡᠷᠡᠨ ᠡᠭᠦᠳᠦᠨ ᠪᠦᠲᠦᠭᠡᠯᠲᠡ  ᠨᠢ ᠰᠢᠨ᠎ᠡ ᠰᠣᠷᠭᠣᠭ ᠂ ᠠᠭᠤᠯᠭ᠎ᠠ  ᠨᠢ ᠪᠠᠶᠠᠯᠢᠭ ᠂ ᠬᠡᠯᠪᠡᠷᠢ  ᠨᠢ ᠥᠨᠢᠷ ᠂ ᠬᠡᠪ ᠨᠠᠮᠪᠠ  ᠨᠢ ᠢᠯᠭᠤᠮ ᠲᠣᠳᠣ ᠭᠤᠸ᠎ᠠ ᠲᠠᠭᠠᠰᠢᠶᠠᠯ ᠤᠨ ᠣᠨᠴᠠᠯᠢᠭ ᠰᠢᠨᠵᠢ ᠶᠢ ᠪᠦᠷᠢᠯᠳᠦᠭᠦᠯᠵᠦ ᠂ ᠵᠣᠬᠢᠶᠠᠨ ᠪᠦᠲᠦᠭᠡᠬᠦ ᠂ ᠲᠣᠭᠯᠠᠬᠤ ᠂ ᠵᠢᠭᠠᠨ ᠰᠤᠷᠭᠠᠯᠲᠠ ᠂  ᠣᠨᠣᠯ ᠤᠨ ᠰᠤᠳᠤᠯᠭᠠᠨ ᠢ ᠨᠢᠭᠡᠳᠬᠡᠨ ᠨᠢᠭᠡ ᠴᠣᠭᠴᠠ ᠪᠣᠯᠭᠠᠭᠰᠠᠨ ᠤᠷᠠᠯᠢᠭ ᠤᠨ ᠰᠢᠰᠲ᠋ᠧᠮ  ᠢ ᠪᠤᠢ ᠪᠣᠯᠭᠠᠵᠠᠢ ᠃

ᠤᠷᠲᠤ ᠤᠳᠠᠭᠠᠨ ᠢᠶᠠᠷ ᠬᠥᠭᠵᠢᠨ ᠬᠤᠪᠢᠷᠠᠵᠤ ᠢᠷᠡᠭᠰᠡᠨ ᠮᠣᠩᠭᠣᠯ ᠦᠨᠳᠦᠰᠦᠲᠡᠨ ᠦ ᠪᠥᠵᠢᠭ ᠦᠨ ᠤᠷᠠᠯᠢᠭ ᠢ ᠤᠯᠠᠮᠵᠢᠯᠠᠯᠲᠤ ᠢᠯᠡᠷᠡᠭᠦᠯᠬᠦ ᠬᠡᠯᠪᠡᠷᠢ ᠪᠡᠷ  ᠨᠢ ᠳᠣᠣᠷᠠᠬᠢ ᠮᠡᠲᠦ ᠬᠡᠳᠦᠨ ᠰᠣᠶᠣᠯ ᠤᠨ ᠰᠠᠯᠪᠤᠷᠢ ᠬᠤᠪᠢᠶᠠᠵᠤ ᠪᠣᠯᠤᠨ᠎ᠠ ᠃

① ᠪᠥᠬᠡ ᠮᠥᠷᠭᠥᠯ ᠦᠨ ᠲᠠᠬᠢᠯᠭ᠎ᠠ ᠪᠣᠯᠤᠨ ᠪᠥᠬᠡᠯᠡᠬᠦ ( ᠪᠥᠬᠡ ᠣᠷᠣᠰᠢᠬᠤ ᠪᠤᠶᠤ ᠪᠥᠬᠡ ᠪᠠᠭᠤᠬᠤ) ᠦᠢᠯᠡ ᠠᠵᠢᠯᠯᠠᠭᠠᠨ ᠤ ᠳᠤᠮᠳᠠ ᠬᠠᠳᠠᠭᠠᠯᠠᠭᠳᠠᠵᠤ ᠢᠷᠡᠭᠰᠡᠨ ᠨᠢᠭᠡ ᠬᠡᠮᠵᠢᠶᠡᠨ ᠦ ᠪᠠᠯᠠᠷᠯᠢᠭ ᠱᠠᠰᠢᠨ ᠤ ᠰᠢᠨᠵᠢ ᠴᠢᠨᠠᠷᠲᠠᠢ ᠪᠥᠵᠢᠭ ᠃

② ᠡᠷᠲᠡ ᠦᠶ᠎ᠡ ᠡᠴᠡ ᠠᠯᠬᠤᠵᠤ ᠳᠡᠪᠰᠡᠵᠦ ᠪᠥᠵᠢᠭᠯᠡᠳᠡᠭ ᠂ ᠮᠣᠳᠣ ( ᠱᠠᠩᠰᠢ ) ᠶᠢ ᠡᠷᠭᠢᠯᠳᠦᠨ ᠲᠣᠭᠣᠷᠢᠭᠤᠯᠲᠠᠨ ᠪᠥᠵᠢᠭᠯᠡᠳᠡᠭ ᠪᠥᠵᠢᠭ ᠡᠴᠡ ᠤᠯᠠᠮᠵᠢᠯᠠᠭᠳᠠᠵᠤ ᠢᠷᠡᠭᠰᠡᠨ ᠨᠢᠭᠡ ᠬᠡᠮᠵᠢᠶᠡᠨ ᠦ ᠠᠷᠠᠳ ᠢᠷᠭᠡᠨ ᠦ ᠰᠢᠨᠵᠢ ᠲᠡᠢ ᠂ ᠪᠠᠶᠠᠷ ᠶᠣᠰᠣᠯᠠᠯ ᠤᠨ ᠴᠢᠨᠠᠷᠲᠠᠢ ᠪᠥᠵᠢᠭ ᠃

③ ᠣᠷᠳᠣᠨ ( ᠨᠣᠶᠠᠷᠬᠠᠭᠴᠢᠳ ᠤᠨ ) ᠪᠠ ᠠᠷᠠᠳ ᠤᠨ ᠳᠤᠮᠳᠠᠬᠢ ᠨᠠᠶᠢᠷ ᠬᠤᠷᠢᠮ ᠤᠨ ᠲᠤᠨᠤᠳᠠᠰᠤ ᠠᠴᠠ ᠪᠦᠷᠢᠯᠳᠦᠭᠰᠡᠨ ᠪᠥᠵᠢᠭ ᠃

④ ᠪᠤᠷᠬᠠᠨ ᠱᠠᠰᠢᠨ ᠤ ᠪᠡᠯᠭᠡᠯᠡᠯ ᠶᠣᠰᠣᠯᠠᠯ ᠤᠨ ᠠᠵᠢᠯᠯᠠᠭᠠᠨ ᠳᠤ ᠪᠥᠵᠢᠭᠯᠡᠳᠡᠭ ᠪᠥᠵᠢᠭ ᠃

⑤ ᠡᠷᠲᠡᠨ ᠡᠴᠡ ᠡᠳᠦᠭᠡ ᠪᠣᠯᠲᠠᠯ᠎ᠠ ᠮᠣᠩᠭᠣᠯ ᠦᠨᠳᠦᠰᠦᠲᠡᠨ ᠦ ᠡᠯ᠎ᠡ ᠠᠶᠢᠮᠠᠭ ᠤᠨ ᠳᠤᠮᠳᠠ ᠤᠯᠠᠮᠵᠢᠯᠠᠭᠳᠠᠨ ᠪᠠᠶᠢᠭ᠎ᠠ ᠥᠪᠡᠷ ᠢ ᠪᠡᠨ ᠪᠠᠶᠠᠰᠬᠠᠬᠤ ᠴᠢᠨᠠᠷᠲᠠᠢ ᠪᠥᠵᠢᠭ ᠃

⑥ ᠡᠯ᠎ᠡ ᠭᠠᠵᠠᠷ ᠣᠷᠣᠨ ᠤ ᠮᠣᠩᠭᠣᠯ ᠦᠨᠳᠦᠰᠦᠲᠡᠨ ᠦ ᠣᠯᠠᠨ ᠲᠦᠮᠡᠨ ᠥᠪᠡᠷᠰᠡᠳ ᠦᠨ ᠭᠤᠸ᠎ᠠ ᠲᠠᠭᠠᠰᠢᠶᠠᠯ  ᠤᠨ ᠤᠷᠮᠠᠰ ᠰᠡᠳᠬᠢᠯᠭᠡ ᠪᠡᠷ ᠬᠥᠳᠡᠯᠮᠦᠷᠢ ᠠᠮᠢᠳᠤᠷᠠᠯ ᠪᠣᠯᠤᠨ ᠵᠠᠩ ᠦᠢᠯᠡ ᠶᠣᠰᠣᠯᠠᠯ  ᠠᠴᠠ ᠬᠦᠯᠢᠶᠡᠨ ᠠᠪᠤᠭᠰᠠᠨ ᠪᠥᠵᠢᠭ ᠦᠨ ᠢᠯᠡᠳᠬᠡᠮᠵᠢ ᠃

ᠵᠢᠱᠢᠶᠡᠯᠡᠪᠡᠯ ᠄ ᠱᠠᠰᠢᠨ ᠤ ᠰᠢᠨᠵᠢ ᠲᠡᠢ ︽ ᠪᠥᠬᠡ ᠶᠢᠨ ᠪᠥᠵᠢᠭ ︾ ᠂ ︽ ᠴᠠᠮ ︾ ᠃ ᠲᠠᠬᠢᠯᠭ᠎ᠠ ᠪᠤᠶᠤ ᠨᠠᠶᠢᠷᠯᠠᠬᠤ ᠰᠢᠨᠵᠢ ᠲᠡᠢ ︽ ᠠᠨᠳᠠᠢ ︾ ᠂ ︽ ᠭᠠᠩ ᠲᠤᠯᠭ᠎ᠠ ︾ ( ᠭᠠᠯ ᠲᠠᠬᠢᠯᠭ᠎ᠠ ) ᠂ ︽ ᠱᠠᠩᠰᠢ ᠮᠣᠳᠣ ︾ ( ᠮᠣᠳᠣ ᠶᠢ ᠡᠷᠭᠢᠯᠳᠦᠨ ᠲᠣᠭᠣᠷᠢᠯᠳᠤᠨ ) ᠂ ︽  ᠪᠦᠷᠵᠢᠨ᠎ᠡ ᠪᠥᠵᠢᠭ ︾ ( ᠲᠡᠮᠡᠭᠡᠨ ᠦ  ᠮᠠᠭᠲᠠᠭᠠᠯ ᠪᠥᠵᠢᠭ ) ᠃ ᠴᠤᠭᠯᠠᠭᠠᠨ ᠨᠠᠶᠢᠷ ᠳᠡᠭᠡᠷᠡᠬᠢ ᠲᠣᠭᠯᠠᠯᠲᠠ ᠶᠢᠨ ᠰᠢᠨᠵᠢ ᠲᠡᠢ ︽ ᠬᠤᠨᠳᠠᠭ᠎ᠠ ᠶᠢᠨ ᠪᠥᠵᠢᠭ ︾ ᠂ ︽ ᠰᠠᠪᠬᠠᠨ ᠪᠥᠵᠢᠭ ︾ ᠂ ︽ ᠲᠠᠪᠠᠭ ᠤᠨ ᠪᠥᠵᠢᠭ ︾ ᠂ ︽ ᠵᠤᠯᠠ ( ᠳ᠋ᠧᠩ ) ᠶᠢᠨ ᠪᠥᠵᠢᠭ ︾ ᠃ ᠳᠤᠷᠠᠰᠬᠠᠨ ᠪᠡᠯᠭᠡᠯᠡᠬᠦ ᠨᠠᠶᠢᠷ ᠨᠠᠭᠠᠳᠤᠮ ᠂ ᠦᠨᠳᠦᠰᠦᠲᠡᠨ ᠦ ᠪᠠᠶᠠᠷ ᠳᠤᠷᠠᠰᠬᠠᠯ ᠂ ᠤᠯᠠᠮᠵᠢᠯᠠᠯᠲᠤ ᠬᠤᠷᠢᠮ ᠪᠠ ᠵᠢᠴᠢ ᠠᠮᠢᠳᠤᠷᠠᠯ ᠤᠨ ᠵᠠᠩ ᠳᠠᠳᠬᠠᠯ ᠠᠴᠠ ᠪᠣᠯᠪᠠᠰᠤᠷᠠᠭᠤᠯᠵᠤ ᠪᠦᠲᠦᠭᠡᠭᠰᠡᠨ ᠮᠣᠷᠢ ᠤᠨᠤᠬᠤ ( ᠤᠷᠤᠯᠳᠤᠬᠤ ) ᠂ ᠪᠥᠬᠡ ᠪᠠᠷᠢᠯᠳᠤᠬᠤ ᠂ ᠰᠤᠷ ᠬᠠᠷᠪᠤᠬᠤ ᠵᠡᠷᠭᠡ ᠬᠥᠳᠡᠯᠭᠡᠭᠡᠨ ᠪᠠᠶᠢᠳᠠᠯ ᠃ ᠥᠪᠡᠷ ᠢ  ᠪᠡᠨ ᠪᠠᠶᠠᠰᠬᠠᠬᠤ ᠰᠢᠨᠵᠢ ᠲᠡᠢ ᠠᠶᠢᠮᠠᠭ ᠤᠨ ᠪᠥᠵᠢᠭ ᠲᠦ ᠪᠦᠷᠢᠶᠠᠳ ᠠᠶᠢᠮᠠᠭ ᠤᠨ ︽ ᠢᠬᠤᠷ ︾ ( ᠲᠣᠭᠣᠷᠢᠭ ᠬᠡᠯᠪᠡᠷᠢᠲᠦ ᠪᠥᠵᠢᠭ ) ᠂ ︽ ᠪᠢᠭᠡᠯᠢᠭ ︾ ( ᠪᠡᠭᠡᠵᠢ ᠲᠠᠭᠠᠮᠠᠭᠯᠠᠬᠤ ) ᠂ ︽ ᠡᠷᠡᠮᠡᠴᠢ ︾  ( ᠲᠦᠳᠡᠭ ᠦᠨ ᠪᠥᠵᠢᠭ ) ᠂ ᠲᠣᠷᠭᠤᠳ ᠂ ᠬᠤᠰᠤ ᠂ ᠴᠠᠬᠠᠷ ᠠᠶᠢᠮᠠᠭ ᠤᠨ ︽ ᠱᠠᠸᠠᠶᠢᠯᠳᠤᠨ ︾ ᠂  ︽ ᠲᠦᠪᠰᠢᠷ ︾ ᠂ ︽ ᠪᠠᠶᠢᠯᠳᠤᠭᠠᠨ ᠤ ᠬᠡᠩᠭᠡᠷᠭᠡ  ᠶᠢᠨ ᠪᠥᠵᠢᠭ ︾ ᠂ ︽ ᠠᠷᠪᠠᠨ ᠬᠣᠶᠠᠷ ᠵᠢᠯ ( ᠬᠥᠮᠦᠨ  ᠦ ᠲᠥᠷᠥᠭᠰᠡᠨ ᠣᠨ ︱ ᠬᠤᠯᠤᠭᠠᠨ᠎ᠠ ᠦᠬᠡᠷ ᠡᠴᠡ ᠨᠣᠬᠠᠢ ᠭᠠᠬᠠᠢ ᠵᠡᠷᠭᠡ ᠠᠷᠪᠠᠨ ᠬᠣᠶᠠᠷ ᠠᠮᠢᠲᠠᠨ ᠤ ᠵᠢᠯ ) ᠂ ᠪᠠᠷᠠᠭᠤ ᠠᠶᠢᠮᠠᠭ ᠤᠨ ︽ ᠵᠡᠭᠡᠷ᠎ᠡ ᠬᠠᠢ ︾ ᠭᠡᠬᠦ ᠮᠡᠲᠦ ᠃

ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ ᠮᠣᠩᠭᠣᠯ ᠦᠨᠳᠦᠰᠦᠲᠡᠨ ᠦ ᠤᠷᠠᠯᠢᠭ  ᠪᠥᠵᠢᠭ ᠨᠢᠭᠡᠨ ᠰᠢᠨ᠎ᠡ ᠡᠷᠢᠨ ᠳᠦ ᠣᠷᠣᠵᠤ ᠲᠣᠩ ᠣᠯᠠᠨ ᠴᠢᠨᠠᠷᠯᠢᠭ ᠰᠠᠶᠢᠨ ᠪᠥᠵᠢᠭ ᠵᠠᠯᠭᠠᠯᠳᠤᠭ᠎ᠠ ᠪᠠᠷ  ᠵᠣᠬᠢᠶᠠᠭᠳᠠᠭᠰᠠᠭᠠᠷ ᠢᠷᠡᠭᠰᠡᠨ ᠪᠠᠶᠢᠨ᠎ᠠ ᠃ ᠵᠢᠱᠢᠶᠡᠯᠡᠪᠡᠯ ᠄ ᠲᠠᠪᠢ ᠵᠢᠷᠠᠭᠠᠳ ᠣᠨ ᠢᠶᠠᠷ ᠳᠡᠯᠡᠬᠡᠢ ᠶᠢᠨ  ᠪᠥᠵᠢᠭ ᠦᠨ ᠲᠠᠪᠴᠠᠩ ᠳᠤ ᠮᠠᠩᠯᠠᠶᠢᠯᠠᠭᠰᠠᠨ ︽ ᠣᠷᠳᠣᠰ ᠪᠥᠵᠢᠭ ︾ ᠂ ︽ ᠰᠠᠭᠠᠯᠢᠴᠢᠨ ᠪᠥᠵᠢᠭ ︾ ᠂  ︽ ᠬᠤᠨᠳᠠᠭ᠎ᠠ ᠶᠢᠨ ᠪᠥᠵᠢᠭ ︾ ᠂ ᠨᠠᠶᠠᠭᠠᠳ ᠣᠨ ᠠᠴᠠ ᠬᠣᠶᠢᠰᠢ ᠤᠯᠤᠰ ᠤᠨ ᠲᠠᠰ ᠤᠨ ᠪᠥᠵᠢᠭ ᠦᠨ ᠶᠡᠬᠡ ᠤᠷᠤᠯᠳᠤᠭᠠᠨ ᠳᠤ ᠡᠯ᠎ᠡ ᠵᠦᠢᠯ ᠦᠨ ᠱᠠᠩᠨᠠᠯ ᠣᠯᠤᠭᠰᠠᠨ ︽ ᠬᠠᠷᠴᠠᠭᠠᠢ ᠪᠥᠵᠢᠭ ︾ ᠂ ︽ ᠴᠠᠢ ᠨᠦᠳᠦᠬᠦ ᠪᠥᠵᠢᠭ ︾ ᠂ ︽ ᠪᠠᠶᠠᠰᠤᠯ ︾ ᠂ ︽ ᠮᠠᠯᠴᠢᠳ ᠤᠨ ᠬᠦᠰᠡᠬᠦᠶᠢᠴᠡ ᠠᠶ᠎ᠠ ︾ ᠂ ︽ ᠨᠢᠰᠦᠭᠴᠢ ︾ ᠂ ︽ ᠡᠷᠭᠦᠭᠰᠡᠨ ᠬᠠᠶᠢᠷ᠎ᠠ ︾ ᠂ ︽ ᠰᠠᠪᠬᠠᠨ ᠪᠥᠵᠢᠭ ︾ ᠂ ︽ ᠣᠲᠣᠷ ᠤᠨ ᠵᠠᠩ ᠰᠡᠳᠬᠢᠯᠭᠡ ︾ ᠂ ︽ ᠵᠤᠯᠠ ᠪᠥᠵᠢᠭ ︾ ᠭᠡᠬᠦ ᠮᠡᠲᠦ ᠃ ᠣᠶᠢᠷ᠎ᠠ ᠶᠢᠨ ᠵᠢᠯ ᠤᠳ   ᠲᠡᠬᠢ ︽ ᠯᠢᠩᠬᠤᠸ᠎ᠠ  ᠬᠤᠨᠳᠠᠭᠠᠳᠤ ︾ ᠂ ︽ ᠲᠤᠭᠤᠷ ᠭᠦᠢᠯᠡᠰᠦ ᠬᠤᠨᠳᠠᠭᠠᠳᠤ ︾ ᠵᠡᠷᠭᠡ ᠪᠥᠵᠢᠭ ᠦᠨ ᠶᠡᠬᠡ ᠤᠷᠤᠯᠳᠤᠭᠠᠨ ᠳᠤ ᠲᠡᠷᠢᠭᠦᠯᠡᠭᠰᠡᠨ ︽ ᠬᠤᠨᠳᠠᠭ᠎ᠠ ᠶᠢᠨ ᠪᠥᠵᠢᠭ ︾ ᠂ ︽ ᠲᠠᠯ᠎ᠠ ᠨᠤᠲᠤᠭ ᠤᠨ ᠰᠠᠷᠬᠤᠳ ᠤᠨ ᠳᠠᠭᠤᠤ ︾ ᠂ ︽ ᠭᠤᠶᠤ ᠬᠤᠪᠴᠠᠰᠤ ︾ ᠂ ︽ ᠪᠠᠭᠠᠷᠢᠨ ᠮᠣᠩᠭᠣᠯ ᠪᠦᠰᠡᠭᠦᠢ ︾ ᠂ ︽ ᠮᠣᠩᠭᠣᠯ ᠭᠤᠸᠠᠯᠢᠭ ︾ ᠂ ︽ ᠲᠠᠯ᠎ᠠ ᠶᠢᠨ ᠪᠦᠰᠡᠭᠦᠢ ︾ ᠵᠢᠴᠢ ᠣᠷᠣᠨ ᠤ ᠳᠣᠲᠣᠷᠠᠬᠢ ᠪᠤᠰᠤᠳ ᠪᠥᠵᠢᠭ ᠦᠨ ᠤᠷᠤᠯᠳᠤᠭᠠᠨ ᠳᠤ ᠣᠯᠠᠨ ᠤᠳᠠᠭ᠎ᠠ ᠣᠨᠴᠣᠭᠣᠢ ᠢᠷᠠᠭᠤ ᠠᠯᠳᠠᠷ ᠢ ᠬᠦᠷᠲᠡᠭᠰᠡᠨ ᠰᠢᠯᠢᠳᠡᠭ ᠪᠦᠲᠦᠭᠡᠯ ᠦᠳ ᠪᠤᠢ ᠃

ᠰᠢᠨ᠎ᠡ ᠡᠷᠢᠨ ᠳᠦ ᠰᠢᠯᠵᠢᠨ ᠣᠷᠣᠭᠰᠠᠨ ᠠᠴᠠ ᠨᠠᠰᠢ ᠥᠪᠥᠷ ᠮᠣᠩᠭᠣᠯ ᠤᠨ ᠪᠥᠵᠢᠭ ᠦᠨ ᠠᠵᠢᠯᠲᠠᠳ ᠲᠠᠯ᠎ᠠ ᠨᠤᠲᠤᠭ ᠤᠨ ᠠᠤᠭ᠎ᠠ ᠬᠤᠪᠢᠷᠠᠯᠲᠠ ᠲᠠᠢ ᠰᠢᠨ᠎ᠡ ᠠᠮᠢᠳᠤᠷᠠᠯ ᠪᠣᠯᠤᠨ ᠴᠠᠭ ᠦᠶ᠎ᠡ ᠶᠢᠨ ᠵᠣᠷᠢᠭ ᠰᠠᠨᠠᠭᠠᠨ ᠤ ᠵᠣᠷᠢᠭᠵᠢᠭᠤᠯᠤᠯ ᠳᠣᠣᠷ᠎ᠠ ᠂ ᠤᠷᠠᠯᠢᠭ ᠤᠨ ᠤᠬᠠᠭᠳᠠᠬᠤᠨ ᠤ ᠰᠢᠨᠡᠴᠢᠯᠡᠯᠲᠡ ᠂ ᠦᠨᠳᠦᠰᠦᠨ ᠴᠢᠳᠠᠪᠤᠷᠢ ᠶᠢᠨ ᠳᠡᠭᠡᠭᠰᠢᠯᠡᠯᠲᠡ ᠂ ᠪᠥᠵᠢᠭ ᠦᠨ ᠬᠥᠭᠵᠢᠯᠲᠡ ᠶᠢᠨ ᠰᠢᠨ᠎ᠡ ᠠᠷᠭ᠎ᠠ ᠵᠠᠮ ᠢ ᠬᠠᠶᠢᠨ ᠲᠤᠷᠰᠢᠵᠤ ᠂ ᠪᠥᠵᠢᠭ ᠦᠨ ᠤᠷᠠᠯᠢᠭ ᠪᠣᠯᠤᠨ ᠨᠡᠶᠢᠭᠡᠮ ᠦᠨ ᠴᠢᠳᠠᠪᠬᠢ ᠶᠢ ᠴᠢᠷᠮᠠᠶᠢᠨ  ᠥᠷᠭᠡᠳᠬᠡᠵᠦ ᠂ ᠨᠡᠯᠢᠶᠡᠳ ᠣᠯᠠᠨ ᠣᠳᠣᠬᠢ ᠡᠯ᠎ᠡ ᠦᠨᠳᠦᠰᠦᠲᠡᠨ ᠦ ᠭᠤᠸ᠎ᠠ ᠲᠠᠭᠠᠰᠢᠶᠠᠯ ᠤᠨ ᠱᠠᠭᠠᠷᠳᠠᠯᠭ᠎ᠠ ᠳᠤ ᠨᠡᠶᠢᠴᠡᠭᠰᠡᠨ ᠴᠢᠨᠠᠷᠯᠢᠭ ᠪᠦᠲᠦᠭᠡᠯ  ᠤᠳ  ᠢ ᠤᠷᠢᠳ ᠬᠣᠵᠢᠳ ᠵᠣᠬᠢᠶᠠᠨ ᠪᠦᠲᠦᠭᠡᠭᠰᠡᠨ ᠦ ᠤᠯᠠᠮ ᠠᠴᠠ ᠪᠥᠵᠢᠭ  ᠨᠢ ᠲᠠᠯ᠎ᠠ ᠨᠤᠲᠤᠭ ᠤᠨ ᠰᠣᠶᠣᠯ ᠤᠨ ᠵᠣᠷᠢᠭ  ᠰᠠᠨᠠᠭ᠎ᠠ ᠶᠢ ᠤᠯᠠᠮ ᠴᠢᠨᠠᠭᠰᠢᠳᠠ ᠬᠥᠭᠵᠢᠭᠡᠨ ᠪᠠᠳᠠᠷᠠᠭᠤᠯᠬᠤ ᠳᠤ ᠳᠤᠲᠠᠭᠳᠠᠵᠤ ᠪᠣᠯᠤᠰᠢ ᠦᠭᠡᠢ  ᠤᠷᠠᠯᠢᠭ ᠤᠨ ᠨᠢᠭᠡᠨ ᠬᠡᠯᠪᠡᠷᠢ ᠪᠣᠯᠵᠤ ᠲᠠᠯ᠎ᠠ ᠨᠤᠲᠤᠭ ᠤᠨ ᠡᠯ᠎ᠡ ᠦᠨᠳᠦᠰᠦᠲᠡᠨ ᠦ ᠠᠷᠠᠳ ᠲᠦᠮᠡᠨ ᠦ ᠵᠣᠬᠢᠴᠠᠩᠭᠤᠢ ᠪᠠᠷ ᠬᠠᠮᠲᠤᠷᠠᠨ ᠣᠷᠣᠰᠢᠬᠤ ᠪᠠ ᠴᠣᠭ ᠪᠠᠳᠠᠷᠠᠩᠭᠤᠢ ᠵᠣᠷᠢᠭ ᠰᠠᠨᠠᠭᠠᠨ ᠤ ᠳᠦᠷᠰᠦ ᠪᠠᠶᠢᠳᠠᠯ ᠢ ᠭᠦᠢᠴᠡᠳ ᠢᠯᠡᠷᠡᠭᠦᠯᠵᠦ ᠂ ᠡᠷᠲᠡᠨ ᠡᠳᠦᠭᠡ ᠶᠢᠨ ᠮᠣᠩᠭᠣᠯ ᠦᠨᠳᠦᠰᠦᠲᠡᠨ ᠦ ᠪᠥᠵᠢᠭ  ᠦᠨ ᠤᠷᠠᠯᠢᠭ ᠤᠨ ᠦᠷᠭᠦᠯᠵᠢᠳᠡ ᠶᠢᠨ ᠭᠤᠸ᠎ᠠ ᠵᠦᠢ ᠶᠢᠨ ᠳᠦᠷᠰᠦ ᠪᠠᠶᠢᠳᠠᠯ ᠂ ᠴᠠᠭ ᠦᠶ᠎ᠡ ᠶᠢᠨ  ᠪᠦᠬᠦᠢ ᠪᠥᠵᠢᠭᠯᠡᠯ ᠢ ᠲᠣᠳᠣᠬᠠᠨ ᠬᠠᠷᠠᠭᠤᠯᠤᠭᠰᠠᠨ ᠶᠤᠮ ᠃ ᠡᠭᠦᠨ ᠡᠴᠡ ᠪᠣᠯᠤᠭᠰᠠᠨ ︽ ᠮᠤᠩᠭᠤᠯᠢᠶ᠎ᠠ ︾  ᠭᠤᠸ᠎ᠠ ᠲᠠᠭᠠᠰᠢᠶᠠᠯ ᠤᠨ ᠣᠨᠴᠠᠯᠢᠭ ᠰᠢᠨᠵᠢ ( ᠮᠣᠩᠭᠣᠯ ᠤᠨ ᠭᠠᠳᠠᠭᠠᠳᠤ ᠳᠠᠭᠤᠳᠠᠯᠭ᠎ᠠ ) ᠪᠥᠵᠢᠭ ᠦᠨ  ᠬᠠᠯᠠᠭᠤᠨ ᠥᠷᠨᠢᠯᠲᠡ ᠳᠡᠯᠡᠬᠡᠢ ᠶᠢᠨ ᠡᠯ᠎ᠡ ᠭᠠᠵᠠᠷ ᠲᠤ ᠡᠬᠢᠯᠡᠨ ᠲᠦᠭᠡᠵᠦ ᠪᠠᠶᠢᠨ᠎ᠠ ᠃

2.ᠮᠤᠩᠭᠤᠯ ᠦᠨᠳᠦᠰᠦᠳᠡᠨ  ᠤ ᠪᠦᠵᠢᠭ  ᠤᠨ ᠤᠷᠠᠯᠢᠭ  ᠤᠨ ᠲᠤᠪᠴᠢ ᠲᠠᠨᠢᠯᠴᠠᠭᠤᠯᠭ᠎ᠠ ︱ ᠰᠤᠨᠢᠷᠬᠠᠬᠤ

ᠰᠢᠭᠦᠮᠵᠢ ᠦᠯᠡᠳᠡᠭᠡᠬᠦ