• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 02.ᠬᠤᠨᠳᠠᠭᠠᠨ ᠪᠥᠵᠢᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-06
 • ᠄   64
 • ᠄   0
 • ᠄   0
 • ᠄  0

1.ᠬᠤᠨᠳᠠᠭᠠᠨ ᠪᠥᠵᠢᠭ

︽ ᠬᠤᠨᠳᠠᠭᠠᠨ ᠪᠥᠵᠢᠭ ︾ ᠪᠣᠯ ᠥᠪᠥᠷ ᠮᠣᠩᠭᠣᠯ ᠤᠨ ᠣᠷᠳᠣᠰ ᠠᠷᠠᠳ ᠤᠨ ᠳᠤᠮᠳᠠ ᠤᠯᠠᠮᠵᠢᠯᠠᠭᠳᠠᠭᠰᠠᠭᠠᠷ ᠢᠷᠡᠭᠰᠡᠨ ︽ ᠠᠶᠠᠭᠠᠨ ᠪᠥᠵᠢᠭ ︾ ᠪᠣᠯᠤᠨ ︽ ᠬᠤᠨᠳᠠᠭᠠᠨ  ᠪᠥᠵᠢᠭ ︾ ᠦᠨ ᠰᠠᠭᠤᠷᠢ ᠳᠡᠭᠡᠷ᠎ᠡ ᠥᠭᠡᠷᠡᠴᠢᠯᠡᠨ ᠨᠠᠶᠢᠷᠠᠭᠤᠯᠤᠭᠰᠠᠨ ᠶᠤᠮ ᠃ ᠪᠥᠵᠢᠭᠴᠢ ᠲᠣᠯᠣᠭᠠᠢ ᠳᠡᠭᠡᠷ᠎ᠡ ᠪᠡᠨ ᠭᠤᠷᠪᠠ ᠪᠤᠶᠤ ᠳᠥᠷᠪᠡᠨ ᠠᠶᠠᠭ᠎ᠠ ᠶᠢ ᠲᠠᠯᠪᠢᠵᠤ ᠂ ᠬᠣᠶᠠᠷ  ᠭᠠᠷ ᠤᠨ ᠡᠷᠡᠬᠡᠢ  ᠬᠤᠷᠤᠭᠤ ᠪᠠ ᠭᠣᠣᠯ ᠬᠤᠷᠤᠭᠤ ᠳᠠᠭᠠᠨ ᠬᠣᠶᠠᠷ ᠬᠤᠨᠳᠠᠭ᠎ᠠ ᠶᠢ  ᠬᠠᠪᠴᠢᠭᠠᠳ ᠂ ᠬᠥᠭᠵᠢᠮ  ᠦᠨ ᠠᠢᠵᠠᠮ  ᠳᠦ ᠵᠣᠬᠢᠴᠠᠭᠤᠯᠵᠤ ᠂ ᠬᠣᠶᠠᠷ ᠭᠠᠷ ᠲᠠᠬᠢ ᠬᠤᠨᠳᠠᠭ᠎ᠠ ᠪᠠᠨ ᠬᠠᠪᠢᠷᠠᠭᠤᠯᠤᠨ ᠳᠤᠤᠭᠠᠷᠠᠭᠤᠯᠬᠤ ᠶᠢᠨ ᠵᠡᠷᠭᠡᠴᠡᠭᠡ ᠪᠡᠷ ︽ ᠭᠠᠷ  ᠢᠶᠠᠨ ᠰᠤᠩᠭᠠᠬᠤ ᠂ ᠨᠢᠷᠤᠭᠤ ᠪᠠᠨ ᠬᠥᠳᠡᠯᠭᠡᠬᠦ ᠂ ᠮᠥᠷᠥ ᠪᠡᠨ ᠰᠢᠯᠭᠡᠬᠦ ᠂ ᠣᠷᠣᠨ ᠳᠠᠭᠠᠨ ᠡᠷᠭᠢᠯᠳᠦᠬᠦ ︾ ᠵᠡᠷᠭᠡ ᠬᠥᠳᠡᠯᠦᠯ ᠪᠠᠶᠢᠳᠠᠯ ᠢ ᠢᠯᠡᠷᠡᠭᠦᠯᠳᠡᠭ ᠃ ᠪᠥᠵᠢᠭᠴᠢ ᠶᠢᠨ ᠲᠣᠯᠣᠭᠠᠢ ᠠᠶᠠᠭ᠎ᠠ ᠬᠣᠶᠠᠷ ᠨᠡᠶᠢᠯᠡᠨ ᠨᠢᠭᠡ ᠴᠣᠭᠴᠠ ᠪᠣᠯᠤᠭᠠᠳ ᠲᠠᠢᠢᠰᠠ  ᠶᠢ  ᠲᠣᠭᠣᠷᠢᠨ ᠠᠯᠬᠤᠨ ᠡᠷᠭᠢᠯᠳᠦᠬᠦ ᠳᠦ ᠲᠥᠪᠯᠡᠭᠦᠨ ᠲᠡᠭᠰᠢᠬᠡᠨ ᠭᠣᠶᠣᠮᠰᠣᠭ ᠡᠷᠬᠢᠮᠰᠦᠭ ᠮᠣᠩᠭᠣᠯ  ᠡᠮᠡᠭᠲᠡᠶᠢᠴᠦᠳ ᠦᠨ ᠣᠨᠴᠠᠯᠢᠭ ᠰᠢᠨᠵᠢ ᠶᠢ ᠢᠯᠡᠳᠬᠡᠨ᠎ᠡ ᠃

ᠲᠤᠰ ᠪᠥᠵᠢᠭ 1962 ᠣᠨ ᠳᠤ ᠪᠣᠯᠤᠭᠰᠠᠨ ᠨᠠᠶᠢᠮᠠᠳᠤᠭᠠᠷ ᠬᠤᠭᠤᠴᠠᠭᠠᠨ ᠤ ᠳᠡᠯᠡᠬᠡᠢ ᠶᠢᠨ ᠵᠠᠯᠠᠭᠤᠴᠤᠳ ᠰᠤᠷᠤᠭᠴᠢᠳ ᠤᠨ ᠡᠩᠬᠡ ᠲᠠᠶᠢᠪᠤᠩ ᠨᠥᠬᠥᠷᠯᠡᠯ ᠦᠨ ᠨᠠᠶᠢᠷ ᠳᠡᠭᠡᠷ᠎ᠡ ᠪᠥᠵᠢᠭ ᠦᠨ ᠤᠷᠤᠯᠳᠤᠭᠠᠨ ᠤ ᠠᠯᠲᠠᠨ ᠣᠳᠣᠨ  ᠢᠶᠠᠷ ᠱᠠᠩᠨᠠᠭᠳᠠᠵᠠᠢ ᠃

 

2. ᠬᠤᠨᠳᠠᠭᠠᠨ ᠪᠥᠵᠢᠭ ᠦᠨ ᠲᠥᠷᠥᠯ ᠵᠦᠢᠯ

1).ᠬᠤᠨᠳᠠᠭᠠᠨ ᠪᠥᠵᠢᠭ

ᠬᠤᠨᠳᠠᠭᠠᠨ ᠪᠥᠵᠢᠭ ᠢ ᠪᠠᠰᠠ ︽ ᠠᠷᠢᠬᠢᠨ ᠬᠤᠨᠳᠠᠭᠠᠨ ᠪᠥᠵᠢᠭ ︾ ᠭᠡᠳᠡᠭ ᠃ ᠤᠴᠢᠷ  ᠨᠢ ᠪᠥᠵᠢᠭᠯᠡᠬᠦ  ᠳᠡᠭᠡᠨ ᠬᠤᠨᠳᠠᠭ᠎ᠠ ᠪᠠᠷ ᠪᠥᠵᠢᠭ ᠦᠨ ᠬᠡᠷᠡᠭᠰᠡᠯ ᠪᠣᠯᠭᠠᠳᠠᠭ ᠲᠤᠯᠠ ᠡᠶᠢᠨᠬᠦ ᠨᠡᠷ᠎ᠡ ᠣᠯᠪᠠ ᠃ ᠡᠨᠡ ᠪᠥᠵᠢᠭ ᠪᠣᠯ ᠮᠣᠩᠭᠣᠯ ᠦᠨᠳᠦᠰᠦᠲᠡᠨ ᠦ ᠨᠠᠶᠢᠷ ᠬᠤᠷᠢᠮ ᠳᠤᠮᠳᠠ ᠦᠷᠭᠦᠯᠵᠢ ᠲᠣᠭᠯᠠᠳᠠᠭ ᠲᠥᠯᠥᠭᠡᠯᠡᠬᠦ ᠴᠢᠨᠠᠷᠲᠠᠢ ᠪᠥᠵᠢᠭ ᠦᠨ ᠨᠢᠭᠡ ᠪᠣᠯᠤᠨ᠎ᠠ ᠃ ᠣᠳᠣᠬᠠᠨ ᠭᠣᠣᠯᠳᠠᠭᠤ ᠣᠷᠳᠣᠰ ᠨᠤᠲᠤᠭ  ᠢᠶᠠᠷ ᠲᠠᠷᠬᠠᠵᠤ ᠤᠯᠠᠮᠵᠢᠯᠠᠭᠰᠠᠭᠠᠷ ᠪᠤᠢ ᠃ ᠡᠭᠦᠨ ᠦ ᠡᠭᠦᠰᠦᠯ  ᠨᠢ ᠨᠡᠯᠢᠶᠡᠳ ᠡᠷᠲᠡ ᠂ ᠠᠯᠲᠠᠨ  ᠤᠯᠤᠰ ᠂ ᠶᠤᠸᠠᠨ ᠤᠯᠤᠰ ᠤᠨ ᠬᠦᠴᠦᠷᠬᠡᠭ ᠪᠠᠶᠢᠭᠰᠠᠨ ᠴᠠᠭ ᠦᠶ᠎ᠡ ᠶᠢᠨ ︽ ᠳᠠᠭᠤᠯᠠᠬᠤ ᠰᠢ ︾ ᠳᠣᠲᠣᠷᠠᠬᠢ ︽ ᠬᠤᠨᠳᠠᠭ᠎ᠠ ᠶᠢᠨ ᠵᠤᠯᠠ ᠶᠢᠨ ᠪᠥᠵᠢᠭ ︾ ᠲᠡᠢ ᠤᠳᠤᠮ ᠨᠢᠭᠡᠲᠡᠢ ᠃ ᠤᠯᠠᠮᠵᠢᠯᠠᠯᠲᠤ  ︽ ᠬᠤᠨᠳᠠᠭᠠᠨ ᠪᠥᠵᠢᠭ ︾ ᠢ ᠮᠣᠩᠭᠣᠯ ᠬᠡᠷ ᠲᠦ ᠲᠣᠭᠯᠠᠨ ᠪᠥᠵᠢᠭᠯᠡᠳᠡᠭ ᠃ ᠬᠡᠷ ᠲᠡᠬᠢ ᠣᠷᠣᠨ ᠵᠠᠢ  ᠨᠢ ᠬᠢᠵᠠᠭᠠᠷᠲᠠᠢ ᠪᠠᠭ᠎ᠠ ᠪᠠᠶᠢᠳᠠᠭ ᠪᠣᠯᠬᠣᠷ ᠤᠭ ᠣᠷᠣᠨ ( ᠪᠠᠶᠢᠷᠢ ) ᠳᠠᠭᠠᠨ ᠰᠠᠭᠤᠬᠤ ᠂  ᠰᠥᠭᠥᠳᠬᠦ ᠂ ᠵᠣᠭᠰᠣᠬᠤ ᠪᠠᠷ ᠭᠣᠣᠯᠯᠠᠭᠤᠯᠳᠠᠭ ᠃ ᠪᠥᠵᠢᠭᠯᠡᠬᠦ  ᠳᠡᠭᠡᠨ ᠲᠣᠯᠣᠭᠠᠢ ᠪᠣᠯᠤᠨ ᠬᠦᠵᠦᠭᠦᠦ  ᠪᠡᠨ ᠲᠡᠭᠰᠢᠬᠡᠨ ᠪᠠᠶᠢᠯᠭᠠᠵᠤ ᠂ ᠪᠦᠰᠡᠯᠡᠭᠦᠷ ᠢᠶᠡᠷ ᠢᠶᠡᠨ ᠲᠡᠩᠭᠡᠯᠢᠭ ᠪᠣᠯᠭᠠᠨ ᠤᠷᠤᠭᠰᠢ ᠪᠥᠬᠥᠶᠢᠬᠦ ᠂  ᠬᠠᠵᠠᠭᠤ ᠲᠠᠰᠢ ᠬᠡᠯᠪᠡᠶᠢᠬᠦ ᠂ᠬᠣᠶᠢᠰᠢ ᠲᠠᠩᠭᠠᠶᠢᠬᠤ ᠃ ᠮᠥᠷᠥ ᠂ ᠨᠢᠷᠤᠭᠤ ᠂ ᠪᠠᠭᠤᠤ ᠂ ᠭᠠᠷ ᠤᠨ ᠬᠥᠳᠡᠯᠭᠡᠭᠡᠨ  ᠨᠢ ᠪᠠᠶᠠᠯᠢᠭ ᠪᠥᠭᠡᠳ ᠨᠠᠷᠢᠯᠢᠭ  ᠪᠠᠶᠢᠳᠠᠭ ᠃ ᠨᠢᠷᠤᠭᠤ ᠪᠠᠨ ᠬᠥᠳᠡᠯᠭᠡᠬᠦ ᠂ ᠮᠥᠷᠥ ᠪᠡᠨ ᠬᠥᠳᠡᠯᠭᠡᠬᠦ ᠂ ᠭᠠᠷ  ᠢᠶᠠᠨ ᠰᠤᠩᠭᠠᠬᠤ ᠪᠠ ᠡᠷᠭᠦᠬᠦ ᠂ ᠪᠠᠭᠤᠤ ᠪᠠᠨ ᠭᠣᠳᠣᠶᠢᠯᠭᠠᠬᠤ ᠵᠡᠷᠭᠡ  ᠬᠥᠳᠡᠯᠭᠡᠭᠡᠨ ᠢ ᠣᠷᠭᠠᠨᠢᠭ ᠢᠶᠠᠷ ᠬᠡᠷᠡᠭᠯᠡᠳᠡᠭ ᠃ ᠣᠷᠭᠢᠯ ᠳᠤ ᠬᠦᠷᠬᠦ ᠦᠶᠡᠰ ᠂ ᠪᠥᠵᠢᠭᠯᠡᠬᠦ ᠮᠡᠷᠭᠡᠰᠢᠯ ᠢᠶᠡᠷ ᠥᠨᠳᠥᠷ ᠪᠥᠵᠢᠭᠴᠢ ᠠᠪᠤᠨ ᠳᠣᠣᠷ᠎ᠠ ᠪᠠᠨ ᠨᠢᠷᠤᠭᠤ ᠪᠠᠭᠤᠯᠭᠠᠬᠤ ᠂ ᠡᠷᠭᠢᠯᠳᠦᠨ  ᠲᠣᠭᠣᠷᠢᠯᠲᠠᠬᠤ ᠂ ᠮᠥᠷᠥ ᠪᠡᠨ ᠰᠢᠯᠭᠡᠬᠦ ᠪᠤᠶᠤ ᠡᠰᠡᠬᠦᠯ᠎ᠡ ᠤᠰᠤᠨ ᠤᠷᠤᠰᠬᠠᠯ ᠮᠡᠲᠦ ᠪᠥᠵᠢᠭ  ᠦᠨ  ᠵᠢᠵᠢᠭ ᠠᠯᠬᠤᠭ᠎ᠠ ᠪᠠᠷ  ᠬᠥᠳᠡᠯᠭᠡᠭᠡᠨ ᠢ ᠨᠡᠮᠡᠵᠦ ᠰᠢᠭᠤᠳ ᠰᠢᠯᠤᠭᠤᠨ ᠮᠥᠷᠲᠡᠭᠡᠨ ᠰᠡᠳᠬᠢᠯᠭᠡ ᠣᠷᠭᠢᠯᠤᠮ᠎ᠠ ᠪᠣᠯᠭᠠᠳᠠᠭ ᠶᠤᠮ ᠃

2).ᠠᠶᠠᠭᠠᠨ ᠪᠥᠵᠢᠭ

ᠲᠡᠨᠢᠭᠡᠷ ᠠᠭᠤᠳᠠᠮ ᠲᠠᠯ᠎ᠠ ᠨᠤᠲᠤᠭ ᠲᠤ ᠦᠨᠳᠦᠰᠦᠲᠡᠨ ᠦ ᠣᠨᠴᠠᠯᠢᠭ ᠲᠣᠪᠣᠶᠢᠮ᠎ᠠ  ᠮᠥᠷᠲᠡᠭᠡᠨ ᠣᠷᠣᠨ ᠨᠤᠲᠤᠭ  ᠤᠨ ᠵᠠᠩ ᠰᠡᠳᠬᠢᠯᠭᠡ ᠶᠢ ᠬᠠᠷᠠᠭᠤᠯᠤᠭᠰᠠᠨ ᠠᠷᠠᠳ ᠤᠨ ᠪᠥᠵᠢᠭ ᠤᠯᠠᠮᠵᠢᠯᠠᠭᠳᠠᠭᠰᠠᠭᠠᠷ ᠢᠷᠡᠭᠰᠡᠨ ᠶᠤᠮ ᠃ ︽ ᠠᠶᠠᠭᠠᠨ  ᠪᠥᠵᠢᠭ ︾ ᠪᠣᠯ ᠣᠷᠳᠣᠰ ᠤᠨ ᠠᠷᠠᠳ ᠤᠨ ᠪᠥᠵᠢᠭ ᠢ ᠥᠭᠡᠷᠡᠴᠢᠯᠡᠵᠦ ᠨᠠᠶᠢᠷᠠᠭᠤᠯᠤᠭᠰᠠᠨ ᠪᠥᠵᠢᠭ ᠪᠣᠯᠤᠨ᠎ᠠ ᠃   ᠲᠡᠭᠦᠨ ᠦ ᠬᠡᠪ ᠨᠠᠮᠪᠠ  ᠨᠢ ᠥᠳᠬᠡᠨ ᠂ ᠣᠨᠴᠠᠯᠢᠭ  ᠨᠢ ᠲᠣᠳᠣᠬᠠᠨ ᠃ ᠲᠣᠯᠣᠭᠠᠢ ᠳᠡᠭᠡᠷ᠎ᠡ  ᠪᠡᠨ ᠠᠶᠠᠭ᠎ᠠ ᠲᠠᠯᠪᠢᠭᠰᠠᠨ  ᠪᠦᠵᠢᠭᠴᠢᠳ ᠦᠨ ᠵᠢᠭᠰᠠᠭᠠᠯᠲᠠ ᠶᠢᠨ ᠬᠡᠯᠪᠡᠷᠢ ᠮᠠᠶ᠋ᠢᠭ ᠪᠠ  ᠦᠢᠯᠡ ᠬᠥᠳᠡᠯᠭᠡᠭᠡᠨ ᠢᠶᠡᠷ ᠂ ᠰᠡᠳᠬᠢᠮᠵᠢ  ᠨᠢ ᠤᠷᠠᠨ ᠂  ᠠᠶᠢᠵᠢᠮ  ᠨᠢ ᠢᠯᠭᠤᠮ ᠂ ᠦᠢᠯᠡ ᠬᠥᠳᠡᠯᠭᠡᠭᠡᠨ ᠭᠣᠶᠣᠬᠠᠨ ᠣᠨᠴᠠᠯᠢᠭ ᠢᠶᠠᠷ ᠣᠳᠣ ᠦᠶ᠎ᠡ ᠶᠢᠨ ᠮᠣᠩᠭᠣᠯ ᠡᠮᠡᠭᠲᠡᠶᠢᠴᠦᠳ  ᠦᠨ ᠭᠠᠯ ᠬᠠᠯᠠᠭᠤᠨ ᠪᠣᠳᠣᠯ ᠰᠡᠳᠬᠢᠯ ᠬᠢᠭᠡᠳ ᠰᠠᠶᠢᠨ ᠰᠠᠶᠢᠬᠠᠨ ᠠᠮᠢᠳᠤᠷᠠᠯ ᠳᠤ ᠲᠡᠮᠡᠦᠯᠦᠭᠰᠡᠨ ᠬᠦᠰᠡᠯ ᠡᠷᠡᠮᠡᠯᠵᠡᠯ ᠢ  ᠲᠤᠰᠬᠠᠵᠠᠢ ᠃

3).ᠲᠠᠯ᠎ᠠ ᠨᠤᠲᠤᠭ ᠤᠨ ᠰᠠᠷᠬᠤᠳ ᠤᠨ ᠳᠠᠭᠤᠤ

4).ᠢᠷᠥᠭᠡᠯ

5).ᠠᠶᠠᠭᠠᠨ ᠪᠥᠵᠢᠭ

ᠲᠠᠯ᠎ᠠ ᠨᠤᠲᠤᠭ  ᠤᠨ ᠰᠠᠷᠬᠤᠳ  ᠦᠨ ᠳᠠᠭᠤᠤ

ᠠᠶᠠᠭᠠᠨ ᠪᠥᠵᠢᠭ 1

ᠠᠶᠠᠭᠠᠨ ᠪᠥᠵᠢᠭ

ᠢᠷᠥᠭᠡᠯ

ᠬᠤᠨᠳᠠᠭᠠᠨ ᠪᠥᠵᠢᠭ

ᠰᠢᠭᠦᠮᠵᠢ ᠦᠯᠡᠳᠡᠭᠡᠬᠦ