• 1 ℃
  2017ᠣᠨ ᠤ 09ᠰᠠᠷ᠎ᠠ ᠶᠢᠨ 23ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • 1  1 ᠴᠤᠭᠤᠷ  ᠤᠨ ᠲᠠᠨᠢᠯᠴᠠᠭᠤᠯᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-13
 • ᠄   53
 • ᠄   0
 • ᠄   0
 • ᠄  0

ᠦᠨᠦ ᠵᠢᠨ ᠲᠡᠯᠡᠬᠡᠢ ᠵᠢᠨ ᠪᠤᠯᠪᠠᠰᠤᠨ ᠰᠤᠶᠤᠯ  ᠳᠦ ᠭᠡᠷᠡᠯ ᠬᠢᠯᠪᠠᠭ᠎ᠠ ᠪᠠᠨ ᠰᠠᠴᠤᠷᠠᠭᠤᠯᠵᠦ ᠪᠠᠶᠢᠭ᠎ᠠ ᠮᠤᠩᠭᠤᠯᠴᠤᠳ  ᠤᠨ ᠬᠦᠭᠵᠢᠮᠳᠦ ᠰᠤᠶᠤᠯ  ᠨᠢ ᠮᠠᠨ  ᠤ ᠦᠨᠳᠤᠰᠤᠳᠠᠨ  ᠤ ᠰᠤᠶᠤᠯ  ᠤᠨ᠋᠋᠌᠋᠋᠋᠋᠌᠎᠎᠎᠎᠎᠎᠍ ᠎ᠢᠶᠠᠨ  ᠲᠡᠤᠭᠡᠨ  ᠳᠦ ᠪᠦᠳᠦᠭᠡᠨ ᠴᠤᠭᠴᠠᠯᠠᠭᠰᠠᠨ ᠬᠦᠭᠵᠢᠮ  ᠤᠨ ᠤᠷᠠᠨ ᠰᠠᠶᠢᠬᠠᠨ  ᠤ ᠪᠦᠳᠦᠭᠡᠯ ᠠᠷᠪᠢᠨ ᠪᠠᠶᠠᠨ ᠦᠪ ᠰᠠᠩ  ᠲᠠᠢ ᠶᠤᠮ ᠃   ᠮᠤᠩᠭᠤᠯ ᠬᠦᠭᠵᠢᠮ  ᠤᠨ ᠠᠷᠡᠳ  ᠤᠨ ᠪᠢᠯᠢᠭ ᠨᠠᠩ ᠡᠷᠲᠡ  ᠤ ᠬᠢ ᠡᠴᠠ ᠠᠪᠤᠭᠠᠳ ᠲᠤᠩ ᠰᠠᠶᠢᠬᠠᠨ  ᠤ ᠲᠤᠷᠠᠰᠬᠠᠯ  ᠢ ᠬᠠᠮᠤᠷᠤᠨ ᠪᠠᠭᠳᠠᠭᠠᠭᠰᠠᠨ ᠡᠯᠳᠡᠪ  ᠤᠯᠠᠨ ᠵᠤᠶᠢᠯ ᠬᠡᠯᠪᠡᠷᠢ ᠵᠢᠨ ᠲᠡᠭᠡᠵᠢᠰ ᠢᠶᠡᠷ ᠪᠦᠳᠦᠵᠦ ᠪᠦᠷᠢᠯᠳᠦᠭᠰᠡᠨ  ᠤ ᠲᠡᠭᠡᠷ᠎ᠡ ᠶᠡᠷᠦ  ᠨᠢ ᠬᠦᠭᠵᠢᠮ  ᠤᠨ ᠤᠷᠠᠯᠢᠭ  ᠢ ᠮᠤᠩᠭᠤᠯ  ᠤᠨ ᠨᠡᠭᠦᠳᠡᠯᠴᠢᠨ ᠠᠷᠡᠳ ᠲᠦᠮᠡᠨ ᠦᠨᠢ ᠡᠷᠲᠡ ᠦᠷᠯᠦᠭ ᠲᠡᠤᠬᠡ ᠵᠢᠨ ᠲᠡᠭᠡᠷ᠎ᠡ ᠦᠶ᠎ᠡ ᠡᠴᠠ ᠡᠳᠦᠷ ᠲᠤᠳᠤᠮ   ᠤᠨ  ᠢᠶᠠᠨ  ᠠᠵᠦ ᠠᠮᠢᠳᠤᠷᠠᠯᠭ᠎ᠠ  ᠳᠦ ᠭᠦᠨᠵᠡᠭᠡᠢ ᠪᠦᠭᠡᠳ ᠲᠦᠭᠡᠮᠡᠯ ᠨᠡᠪᠳᠡᠷᠡᠭᠦᠯᠵᠦ ᠂ ᠠᠷᠡᠳ ᠲᠦᠮᠡᠨ  ᠤ ᠬᠦᠭᠵᠢᠮ ᠰᠤᠶᠤᠯ  ᠤᠨ ᠬᠦᠷᠢᠶ᠎ᠡ ᠴᠠᠷᠠᠭ᠎ᠠ ᠲᠤᠳᠤᠷᠬᠠᠢ ᠪᠤᠯᠵᠠᠢ ᠃    ᠮᠤᠩᠭᠤᠯ ᠦᠨᠳᠤᠰᠤᠳᠠᠨ  ᠤ ᠢᠵᠠᠭᠤᠷ ᠤᠷᠠᠯᠢᠭ  ᠤᠨ  ᠡᠭᠦᠰᠤᠯ ᠭᠠᠷᠤᠯ  ᠨᠢ ᠡᠷᠲᠡᠨ ᠤ ᠨᠡᠭᠦᠳᠡᠯᠴᠢᠨ ᠮᠤᠩᠭᠤᠯᠴᠤᠳ  ᠤᠨ ᠪᠠᠶᠢᠭᠠᠯᠢ ᠤᠷᠴᠢᠨ ᠡᠴᠠ ᠰᠡᠷᠡᠯᠳᠡ ᠠᠪᠴᠦ ︽ ᠴᠤᠭᠤᠷ ︾ ᠭᠡᠬᠦ   ᠤ ᠬᠦᠭᠵᠢᠮᠳᠦ ᠰᠤᠶᠤᠯ  ᠤᠨ ᠡᠭᠦᠰᠦᠨ  ᠢᠯᠡᠷᠡᠬᠦ ᠠᠩᠬᠠᠨ  ᠤ ᠨᠡᠷᠡᠶᠢᠳᠦᠯ ᠡᠴᠠ ᠬᠦᠭᠵᠢᠨ ᠭᠠᠷᠤᠭᠰᠠᠨ ᠢᠵᠠᠭᠤᠷ ᠤᠷᠠᠯᠢᠭ  ᠤᠨ ᠲᠦᠷᠦᠯ ᠪᠤᠯᠤᠨ᠎ᠠ ᠃    ᠬᠦᠭᠵᠢᠮᠳᠦ ᠰᠤᠶᠤᠯ  ᠤᠨ ᠰᠢᠵᠢᠮ  ᠢ ᠡᠭᠦᠰᠬᠡᠵᠤ  ᠬᠦᠮᠦᠨ ᠠᠷᠡᠳ  ᠤᠨ ᠰᠡᠳᠬᠢᠯ  ᠤᠨ ᠤᠨᠳᠤᠷᠤᠯ  ᠢ ᠢᠮᠠᠭᠳᠠ ᠴᠤᠤᠷᠢᠶᠠᠳᠤᠭᠤᠯᠤᠭᠰᠠᠨ ᠮᠤᠩᠭᠤᠯ ᠦᠨᠳᠤᠰᠤᠳᠠᠨ  ᠤ ᠤᠬᠠᠭᠠᠨᠳᠤ ᠲᠦᠮᠡᠨ ︽ ᠴᠤᠭᠤᠷ ︾ᠡᠭᠦᠰᠬᠡᠵᠤ  ᠪᠦᠳᠦᠭᠡᠵᠦ ᠭᠠᠯ ᠭᠤᠯᠤᠮᠳᠠ  ᠶᠢ  ᠨᠢ ᠦᠨᠤᠳᠤᠷ ᠬᠦᠷᠳᠡᠯ᠎ᠡ ᠤᠯᠠᠮᠵᠢᠯᠠᠵᠦ ᠤᠯᠠᠷᠢᠯᠠᠭᠤᠯᠤᠭᠰᠠᠨ  ᠢᠶᠠᠷ  ᠮᠤᠩᠭᠤᠯ  ᠤᠨ ᠬᠦᠭᠵᠢᠮᠳᠦ ᠰᠤᠶᠤᠯ  ᠤᠨ ᠭᠡᠷᠡᠯ ᠬᠢᠯᠪᠠᠭ᠎ᠠ ᠵᠢ ᠠᠪᠴᠢᠷᠠᠭᠰᠠᠨ ᠪᠠᠶᠢᠨ᠎ᠠ ᠃    ︽ ᠴᠤᠭᠤᠷ ︾ ᠪᠤᠯ ᠬᠦᠮᠦᠨ ᠲᠦᠷᠦᠯᠬᠢᠳᠠᠨ  ᠤ ᠬᠦᠭᠵᠢᠮᠳᠦ ᠤᠬᠠᠮᠰᠠᠷ ᠬᠦᠷᠳᠡᠵᠦ ᠴᠢᠳᠠᠬᠤᠶᠢᠴᠠ ᠤᠷᠠᠯᠢᠭ  ᠤᠨ ᠬᠠᠮᠤᠭ  ᠤᠨ ᠠᠩᠬᠠᠨ  ᠤ ᠢᠯᠡᠳᠭᠡᠬᠦ ᠬᠡᠯᠪᠡᠷᠢ ᠮᠠᠶ᠋ᠢᠭ ᠶᠤᠮ ᠃ ᠮᠤᠩᠭᠤᠯ ᠦᠨᠳᠤᠰᠤᠳᠠᠨ  ᠤ ᠬᠦᠭᠵᠢᠮᠳᠦ ᠰᠤᠶᠤᠯ  ᠤᠨ ᠪᠦᠬᠦᠶᠢᠯᠡ ᠰᠠᠯᠠᠭ᠎ᠠ ᠮᠦᠴᠢᠷ ᠨᠠᠪᠴᠢ ᠨᠠᠮᠠᠭ᠎ᠠ ᠨᠤᠭᠤᠳ  ᠤᠨ ᠡᠬᠢ  ᠵᠢ ᠬᠠᠮᠤᠷᠤᠭᠤᠯᠤᠨ᠎ᠠ ᠃    ︽ ᠴᠤᠭᠤᠷ ︾  ᠤᠨ ᠤᠳᠬ᠎ᠠ ᠠᠭᠤᠯᠭ᠎ᠠ  ᠨᠢ ᠭᠤᠤᠯᠳᠠᠭᠤ ᠲᠡᠭᠦᠨ  ᠤ ᠢᠯᠡᠷᠡᠵᠦ ᠭᠠᠷᠤᠭᠰᠠᠨ ᠡᠴᠠ ᠬᠤᠵᠢᠮ  ᠤᠨ ᠬᠦᠭᠵᠢᠮᠳᠦ ᠰᠤᠶᠤᠯ  ᠤᠨ ᠂ ᠰᠢᠰᠲ᠋ᠸᠮ  ᠢ ᠪᠦᠷᠢᠨ  ᠢᠶᠡᠷ  ᠴᠤᠭᠴᠠᠯᠠᠬᠤ  ᠳᠦ ᠦᠵᠡᠭᠦᠯᠦᠭᠰᠡᠨ ᠦᠢᠯᠡᠳᠦᠯ  ᠳᠦ ᠤᠷᠤᠰᠢᠨ᠎ᠠ ᠃ ︽ ᠴᠤᠭᠤᠷ ︾  ᠨᠢ ᠡᠭᠦᠰᠦᠭᠰᠡᠨ ᠲᠡᠷᠡ ᠴᠠᠭ ᠡᠴᠠ ᠪᠠᠨ ᠲᠠᠷᠤᠢ ᠮᠤᠩᠭᠤᠯ ᠬᠦᠭᠵᠢᠮᠳᠦ ᠰᠤᠶᠤᠯ  ᠢ ᠲᠦᠯᠬᠢᠨ ᠠᠬᠢᠭᠤᠯᠬᠤ ᠲᠡᠤᠬᠡᠨ ᠡᠭᠦᠷᠭᠡ  ᠵᠢ ᠬᠦᠯᠢᠶᠡᠵᠦ ᠠᠪᠤᠭᠰᠠᠨ ᠪᠢᠯᠡ ᠃ ᠲᠡᠭᠦᠨ  ᠢ ᠲᠠᠭᠠᠯᠳᠤᠨ ᠲᠠᠭᠤᠤ ᠵᠢᠨ ᠠᠶ᠎ᠠ ᠤᠯᠠᠮ ᠢᠷᠠᠭᠤᠬᠠᠨ ᠭᠦᠭᠵᠢᠮ  ᠤᠨ ᠪᠦᠳᠦᠴᠡ ᠮᠡᠳᠡᠭᠳᠡᠭᠦᠶᠢᠴᠡ ᠪᠡᠷ ᠲᠡᠭᠦᠯᠳᠡᠷᠵᠢᠭᠰᠡᠨ ᠠᠷᠡᠳ  ᠤᠨ ᠲᠤᠮᠳᠠ ᠨᠢᠭᠤᠭᠳᠠᠵᠦ ᠪᠠᠶᠢᠭᠰᠠᠨ ᠬᠡᠰᠡᠭ ᠤᠷᠠᠯᠢᠭ  ᠤᠨ ᠬᠡᠯᠪᠡᠷᠢ ᠰᠤᠶᠤᠭᠠᠯᠠᠵᠦ ᠴᠤᠬᠤᠶᠢᠬᠤ ᠬᠦᠷᠤᠰᠤ ᠪᠠᠨ ᠤᠯᠤᠭᠰᠠᠨ ᠪᠠᠶᠢᠯ᠎ᠠ ᠃ ᠬᠤᠭᠤᠯᠠᠢ ᠵᠢᠨ ᠴᠤᠭᠤᠷ ᠡᠴᠠ ᠴᠤᠭᠤᠷ  ᠤᠨ ᠲᠠᠭᠤᠤ ᠲᠠᠪᠰᠢᠭᠰᠠᠨ ᠢᠯᠡᠷᠡᠯ ᠂ ᠠᠮᠠᠨ ᠢᠰᠬᠡᠷᠤᠬᠡ ᠵᠢ ᠠᠶᠤᠤᠯᠢᠬᠠᠢ ᠬᠦᠨᠳᠡᠢ ᠵᠢᠨ ᠴᠤᠭᠤᠷ ︵ ᠬᠦᠬᠡᠮᠠᠢ ︶  ᠲᠠᠢ ᠤᠶᠠᠯᠳᠤᠭᠤᠯᠤᠭᠰᠠᠨ ᠦᠵᠡᠭᠳᠡᠯ ᠨᠢᠭᠡ ᠬᠦᠮᠦᠨ  ᠤ ᠬᠤᠭᠤᠯᠠᠢ ᠵᠢᠨ ᠬᠤᠤᠰ ᠡᠭᠡᠰᠢᠭ  ᠢ ᠡᠭᠦᠰᠬᠡᠵᠤ  ᠤᠯᠠᠨ ᠬᠦᠮᠦᠨ  ᠤ ᠬᠠᠮ ᠲᠦᠷᠡᠯᠭᠡ ᠵᠢᠨ ᠴᠤᠭᠴᠠᠯᠠᠯᠳᠠ ᠬᠢᠭᠰᠡᠨ ᠂ ᠨᠠᠩ ᠢᠯᠠᠩᠭᠤᠶ᠎ᠡ ︽ ᠨᠠᠶᠢᠷᠠᠯ ︾  ᠤᠨ ᠤᠬᠠᠭᠳᠠᠬᠤᠨ  ᠢ ᠪᠤᠢ ᠪᠤᠯᠭᠠᠭᠰᠠᠨ  ᠢᠶᠡᠷ  ᠢᠶᠠᠨ   ᠮᠤᠩᠭᠤᠯ ᠴᠤᠭᠤᠷ  ᠨᠢ ᠲᠡᠯᠡᠬᠡᠢ ᠲᠡᠭᠡᠷᠡᠭᠢ ᠡᠭᠦᠳᠡᠯᠲᠡ  ᠵᠢᠨ ᠴᠢᠬᠤᠯᠠ ᠪᠠᠶᠢᠷᠢᠨ  ᠳᠦ ᠡᠷᠭᠦᠮᠵᠢᠯᠡᠭᠳᠡᠬᠦ  ᠶᠤᠰᠤᠳᠠᠢ ᠃    ᠮᠤᠩᠭᠤᠯᠴᠤᠳ  ᠤᠨ ᠠᠵᠦ ᠲᠦᠷᠦᠵᠦ ᠠᠮᠢᠳᠤᠷᠠᠵᠦ ᠪᠠᠶᠢᠭᠰᠠᠨ ᠪᠠᠶᠢᠭᠠᠯᠢ ᠤᠷᠴᠢᠨ  ᠤ ᠨᠦᠯᠦᠭᠡ ᠡᠴᠠ ᠡᠨᠡᠬᠦ ︽ ᠴᠤᠭᠤᠷ ︾ ᠭᠡᠬᠦ ᠨᠡᠷᠡᠶᠢᠳᠤᠯ ᠪᠤᠢ ᠪᠤᠯᠤᠭᠰᠠᠨ  ᠨᠢ ᠲᠠᠮᠵᠢᠭ ᠦᠭᠡᠢ ᠶᠤᠮ ᠃ ᠡᠭᠦᠨ  ᠳᠦ ᠡᠷᠲᠡ   ᠤ ᠮᠤᠩᠭᠤᠯᠴᠤᠳ  ᠤᠨ ᠨᠡᠭᠦᠳᠡᠯ ᠮᠠᠯᠵᠢᠯ ᠂ ᠠᠩ ᠠᠩᠨᠠᠯ  ᠤᠨ ᠰᠤᠶᠤᠯ ᠲᠤᠶᠢᠯ  ᠤᠨ ᠶᠡᠬᠡ ᠨᠦᠯᠦᠭᠡ ᠦᠵᠡᠭᠦᠯᠦᠭᠰᠡᠨ ᠭᠡᠵᠦ ᠦᠵᠡᠵᠦ ᠪᠠᠶᠢᠨ᠎ᠠ ᠃ ᠶᠡᠷᠦ  ᠨᠢ ᠮᠤᠩᠭᠤᠯᠴᠤᠳ  ᠤᠨ ᠮᠠᠯ ᠮᠠᠯᠯᠠᠬᠤ ᠂ ᠠᠩ ᠭᠦᠷᠦᠭᠡ ᠬᠢᠵᠦ ᠠᠮᠢᠳᠤᠷᠠᠯ  ᠢᠶᠡᠨ  ᠠᠷᠭᠠᠴᠠᠬᠤ  ᠳᠦ ᠮᠠᠯ  ᠳᠠᠭᠠᠨ ᠲᠠᠭᠤᠤ ᠬᠤᠭᠤᠯᠠᠢ ᠲᠠᠨᠢᠭᠤᠯᠬᠤ ᠪᠡ ᠠᠩ ᠭᠦᠷᠦᠭᠡᠰᠦ ᠵᠢ ᠦᠳᠦᠭᠡᠨ ᠲᠠᠭᠤᠳᠠᠬᠤ ᠵᠡᠷᠬᠡ ᠦᠢᠯᠡ ᠠᠵᠢᠯᠯᠠᠭ᠎ᠠ  ᠨᠢ ᠴᠦᠮ ᠡᠨᠡᠬᠦ  ᠴᠤᠤᠷᠢᠶ᠎ᠡ ᠲᠠᠳᠠᠭᠤᠯᠳᠠᠭ ᠲᠠᠭᠤ ᠠᠪᠢᠶᠠᠨ  ᠤ ᠲ᠋ᠤᠬᠢᠶ᠎ᠡ ᠲᠠᠭᠤᠳᠠᠯᠭ᠎ᠠ ᠵᠢ ᠦᠡᠭᠬᠡᠷᠡᠬᠡᠭᠰᠠᠨ ᠪᠠᠶᠢᠯ᠎ᠠ ᠃ ᠡᠢᠢᠮᠤ  ᠡᠴᠠ ᠮᠤᠩᠭᠤᠯᠴᠤᠳ  ᠤᠨ ᠤᠯᠠᠨ ᠬᠤᠭᠤᠯᠠᠢ ᠲᠠᠪᠬᠤᠴᠠᠨ ᠲᠠᠭᠤᠤ ᠭᠠᠷᠭᠠᠬᠤ ᠵᠢᠨ ᠬᠡᠯᠪᠡᠷᠢ ᠵᠢ ︽ ᠴᠤᠭᠤᠷ ︾ ᠭᠡᠵᠦ ᠨᠡᠷᠡᠯᠡᠭᠰᠡᠨ ᠪᠠᠶᠢᠵᠦ ᠪᠤᠯᠬᠤ ᠶᠤᠮ ᠃ ᠴᠤᠭᠤᠷ ᠪᠡ ᠴᠤᠤᠷᠢᠶ᠎ᠡ ᠵᠢᠨ ᠦᠢᠯᠡᠳᠦᠯ  ᠨᠢ ᠮᠤᠩᠭᠤᠯᠴᠤᠳ  ᠤᠨ ᠪᠠᠯᠠᠷᠯᠢᠭ ᠰᠢᠳᠦᠭᠡᠨ ᠪᠤᠯᠬᠤ ᠪᠦ᠍ᠭᠡᠳ ᠲᠡᠭᠷᠢ ᠭᠠᠵᠠᠷ ᠲᠣ ᠲᠠᠬᠢᠯᠭ᠎ᠠ ᠡᠷᠭᠦᠵᠤ  ᠂ ᠲᠠᠭᠠᠳᠬᠠᠬᠤ ᠦᠶ᠎ᠡ  ᠳᠦ ᠪᠤᠰᠤᠳ ᠪᠦᠬᠡ  ᠨᠠᠷ ᠬᠠᠪᠰᠤᠷᠤᠨ ᠲᠠᠭᠤᠯᠠᠳᠠᠭ ᠦᠵᠡᠭᠳᠡᠯ  ᠨᠢ ᠶᠠᠭ ᠤᠯᠠᠨ ᠮᠦᠷᠳᠦ ᠲᠠᠭᠤᠨ ᠬᠡᠯᠪᠡᠷᠢ ᠵᠢᠨ ᠠᠩᠬᠠᠨ  ᠤ ᠡᠭᠦᠰᠦᠯ  ᠪᠤᠯᠬᠤ ᠴᠤᠤᠷᠢᠶ᠎ᠡ ᠡᠭᠡᠰᠢᠭ  ᠰᠢᠭ ᠰᠤᠨᠤᠰᠤᠭᠳᠠᠵᠦ ᠪᠠᠶᠢᠳᠠᠭ ᠃ ᠡᠭᠦᠨ  ᠲᠠᠢ ᠠᠳᠠᠯᠢ ᠰᠢᠯᠢ ᠵᠢᠨ ᠭᠤᠤᠯ  ᠤᠨ ᠴᠤᠭᠤᠷ  ᠤᠨ ᠲᠠᠭᠤᠤ  ᠳᠤ ᠡᠷᠡᠭᠲᠠᠢ  ᠡᠮᠡᠭᠲᠠᠢ ᠵᠢᠨ ᠬᠠᠪᠰᠤᠷᠤᠯ ᠪᠡ ᠲᠦᠷᠡᠯᠭᠡ ᠪᠠᠷ ᠬᠠᠪᠰᠤᠷᠴᠦ ᠂ ᠮᠠᠰᠢ ᠭᠤᠶᠢᠳᠠ ᠤᠯᠠᠨ ᠮᠦᠷᠳᠦ ᠴᠤᠤᠷᠢᠶ᠎ᠡ ᠡᠭᠡᠰᠢᠭ ᠡᠭᠦᠰᠬᠡᠵᠤ  ᠲᠠᠭᠤᠯᠠᠳᠠᠭ ᠃ ᠡᠨᠡ   ᠨᠢ ᠢᠯᠠᠩᠭᠤᠶ᠎ᠡ ᠬᠤᠭᠤᠯᠠᠢ ᠵᠢᠨ ᠴᠤᠭᠤᠷ ᠂ ᠬᠦᠬᠡᠮᠠᠢ ᠂ ᠮᠤᠳᠤᠨ ᠴᠤᠭᠤᠷ ᠂ ᠬᠢᠯᠭᠠᠰᠤᠨ ︵ ᠬᠢᠬᠢᠯᠢ ᠶᠡᠷᠸᠯ ︶ ᠴᠤᠭᠤᠷ ᠭᠡᠬᠦ ᠮᠡᠳᠦ ᠤᠯᠠᠨ ᠴᠤᠭᠤᠷᠳᠠᠬᠤ ᠤᠷᠠᠯᠢᠭ ᠲᠣ ᠤᠯᠠᠨ ᠬᠤᠭᠤᠯᠠᠢ ᠵᠡᠷᠭᠡᠴᠡᠨ ᠲᠤᠤᠭᠠᠷᠴᠦ ᠪᠠᠶᠢᠳᠠᠭ  ᠨᠢ ᠵᠢᠩᠭᠢᠨᠢ ᠴᠤᠭᠤᠷ ᠭᠡᠰᠡᠨ ᠨᠡᠷᠡᠶᠢᠳᠦᠯ ᠵᠶᠡᠨ ᠤᠯᠵᠦ ᠬᠦᠭᠵᠢᠵᠦ ᠢᠷᠡᠭᠰᠡᠨ  ᠢ ᠭᠡᠷᠡᠴᠢᠯᠡᠨ᠎ᠡ ᠃ ᠡᠷᠳᠡᠮᠲᠡᠨ  ᠰᠤᠳᠤᠯᠤᠭᠴᠢᠳ ︽ ᠴᠤᠭᠤᠷ ︾  ᠢ ᠠᠯᠳᠠᠢ ᠢᠵᠠᠭᠤᠷ  ᠤᠨ ᠬᠦᠭᠵᠢᠮᠳᠤ ᠰᠤᠶᠤᠯ  ᠤᠨ ᠡᠬᠢ  ᠪᠠᠶᠠᠯᠢᠭ ᠪᠠᠶᠢᠵᠦ ᠂ ᠮᠤᠩᠭᠤᠯ ᠬᠦᠭᠵᠢᠮᠳᠡᠭᠦᠷ  ᠤᠨ ︽ ᠡᠪᠤᠭᠡ ᠲᠡᠭᠡᠳᠦᠰ ︾  ᠨᠢ ᠮᠦᠷᠳᠡᠭᠡᠨ ᠡᠭᠦᠰᠦᠯ   ᠤᠨ ᠡᠬᠢ  ᠨᠢ ᠪᠤᠯᠤᠨ᠎ᠠ ᠭᠡᠵᠦ ᠦᠵᠡᠳᠡᠭ ᠃ ᠮᠠᠲ᠋ᠸᠷᠢᠶᠠᠯ ᠡᠴᠠ ᠬᠠᠷᠠᠪᠠᠯ ᠄ ︽ ᠴᠤᠭᠤᠷ ︾ ᠡᠴᠠ ᠬᠢᠯᠭᠠᠰᠤᠨ ︵ ᠬᠢᠭᠢᠯᠢ ᠂ ᠶᠡᠷᠸᠯ ︶ ᠴᠤᠭᠤᠷ ︵ ᠨᠤᠮᠤᠳᠤ ᠴᠢᠪᠬᠠᠳᠠᠰᠤᠳᠤ ᠬᠦᠭᠵᠢᠮ  ᠤᠨ ᠲᠦᠷᠦᠯ ︶ ᠬᠤᠪᠢᠰᠬᠤ ᠴᠤᠭᠤᠷ ᠂ ᠴᠤᠭᠤᠷ  ᠤᠨ ᠲᠠᠭᠤᠤ ︵ ᠲᠠᠭᠤᠯᠠᠭᠴᠢ ᠵᠢᠨ ᠤᠷᠠᠯᠢᠭ ᠂ ᠤᠷᠳᠦ ᠵᠢᠨ ᠲᠠᠭᠤᠤ ︶ ᠂ ᠮᠤᠳᠤᠨ ᠴᠤᠭᠤᠷ ︵ ᠦᠯᠢᠶᠡᠪᠤᠷᠢ ᠬᠦᠭᠵᠢᠮ  ᠤᠨ ᠲᠦᠷᠦᠯ ︶ ᠭᠡᠵᠦ ᠤᠯᠠᠨ ᠲᠦᠷᠥᠯ  ᠤᠨ ᠤᠷᠠᠯᠢᠭ ᠰᠠᠯᠪᠤᠷᠢᠯᠠᠨ ᠬᠦᠭᠵᠢᠭᠡᠳ ᠲ᠋ᠠᠰᠤᠷᠠᠯᠳᠠ ᠦᠭᠡᠢ ᠪᠠᠶᠠᠯᠢᠭᠵᠢᠭᠤᠯᠤᠭᠰᠠᠨ ᠶᠤᠮ ᠃ ᠡᠭᠦᠨ   ᠳᠦ ᠴᠤᠭᠤᠷ  ᠤᠨ ᠤᠷᠠᠯᠢᠭ  ᠨᠢ ᠡᠷᠲᠡ ᠡᠴᠠ ᠡᠳᠦᠭᠡ  ᠬᠦᠷᠳᠡᠯ᠎ᠡ ᠭᠠᠵᠠᠷ ᠨᠤᠳᠤᠭ ᠂ ᠶᠠᠰᠤᠳᠠᠨ ᠤᠪᠤᠭᠳᠠᠨ  ᠦᠳ  ᠤᠨ ᠲᠤᠳᠤᠷ᠎ᠡ ᠶᠠᠡᠭ᠍ᠵᠦ ᠪᠦᠷᠢ  ᠢᠶᠡᠷ  ᠤᠯᠠᠮᠵᠢᠯᠠᠭᠳᠠᠨ ᠬᠦᠭᠵᠢᠵᠦ ᠲᠠᠷᠬᠠᠭᠰᠠᠨ   ᠢᠶᠡᠷ ᠠᠭᠠᠵᠢᠮ  ᠢᠶᠡᠷ  ᠦᠪᠡᠷ ᠦᠪᠡᠷ  ᠤᠨ ᠠᠳᠠᠯᠢ ᠪᠤᠰᠤ ᠨᠡᠷ᠎ᠡ ᠲᠠᠭᠤᠳᠠᠯᠭ᠎ᠠ ᠂ ᠲᠦᠷᠦᠯ ᠰᠢᠨᠵᠢ  ᠲᠠᠢ ᠪᠤᠯᠵᠦ ᠰᠠᠯᠤᠭᠰᠠᠨ ᠪᠠᠶᠢᠨ᠎ᠠ ᠃

ct

ᠰᠢᠭᠦᠮᠵᠢ ᠦᠯᠡᠳᠡᠭᠡᠬᠦ