• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠨᠭ᠍ᠭᠣᠯ ᠳᠦᠷᠪᠡᠨ ᠣᠳᠠᠰᠣᠳᠣ ᠬᠣᠭᠣᠷ ᠪᠣᠯ ᠦᠨᠢ ᠣᠳᠠᠭᠠᠨ ᠲᠡᠣᠬᠡ  ᠲᠠᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-07
 • ᠄   39
 • ᠄   0
 • ᠄   0
 • ᠄  0

ᠮᠣᠨᠭ᠍ᠭᠣᠯ ᠳᠦᠷᠪᠡᠨ ᠣᠳᠠᠰᠣᠳᠣ ᠬᠣᠭᠣᠷ  ᠣᠨ ᠳᠡᠤᠭᠡᠨ ᠮᠦᠷᠳᠡᠯ    ᠮᠣᠨᠭ᠍ᠭᠣᠯ ᠦᠨᠳᠦᠰᠦᠳᠡᠨ ᠣ ᠠᠷᠲᠡ ᠠᠳᠦᠭᠡ ᠵᠢᠨ ᠤᠯᠠᠮᠵᠢᠯᠠᠯᠲᠤ ᠭᠦᠭᠵᠢᠮᠳᠡᠭᠦᠷ  ᠲᠤ ᠂ ᠳᠡᠯᠡᠬᠡᠢ ᠳ᠋ᠠᠬᠢᠨ ᠳ᠋ᠣ ᠠᠯᠳᠠᠷᠰᠢᠭᠰᠠᠨ ᠮᠣᠷᠢᠨ ᠬᠣᠭᠣᠷ ᠡᠴᠠ ᠭᠠᠳᠠᠨ᠎ᠠ ᠪᠠᠰᠠ ᠲᠦᠯᠦᠭᠡᠯᠡᠬᠦ ᠴᠢᠨᠠᠷ  ᠲᠠᠢ ᠪᠥᠭᠡᠳ ᠦᠷᠭᠡᠨ ᠢᠶᠡᠷ ᠲᠠᠷᠬᠠᠨ ᠳᠡᠯᠭᠡᠷᠡᠭᠰᠡᠨ  ᠨᠢ ᠳᠦᠷᠪᠡᠨ ᠣᠳᠠᠰᠣᠳᠣ ᠬᠣᠭᠣᠷ ᠪᠣᠯᠬᠣ ᠠᠵᠠᠢ ᠃

ᠮᠣᠨᠭ᠍ᠭᠣᠯ ᠳᠦᠷᠪᠡᠨ ᠣᠳᠠᠰᠣᠳᠣ ᠬᠣᠭᠣᠷ ᠢ ᠬᠠᠩᠭᠢᠨᠠᠮ᠎ᠠ ᠬᠦᠭ᠍ ᠣᠨ ᠂ ᠴᠠᠩᠭᠢᠨᠠᠮ᠎ᠠ ᠬᠦᠭ᠍ ᠣᠨ ᠂ ᠠᠷᠭᠢᠯ ᠬᠦᠭ ᠣᠨ ᠭᠡᠵᠦ ᠬᠣᠪᠢᠶᠠᠳᠠᠭ ᠪᠦᠭᠡᠳ ᠲᠡᠳᠡᠭᠡᠷ ᠦᠨ ᠠᠳᠠᠯᠢ ᠪᠤᠰᠤ ᠭᠦᠭᠵᠢᠮᠳᠡᠭᠦᠷ ᠦᠨ ᠪᠡᠶ᠎ᠡ ᠪᠦᠲᠦᠴᠡ ᠡᠴᠡ ᠪᠣᠯᠵᠤ ᠳᠠᠭᠣᠨ ᠦᠨᠭᠭᠡ  ᠨᠢ ᠴᠦᠮ ᠦᠪᠡᠷ ᠦᠪᠡᠷ ᠣᠨ ᠣᠨᠴᠠᠯᠢᠭ ᠢᠶᠡᠷ ᠵᠶᠠᠨ ᠬᠦᠮᠦᠰ ᠣᠨ ᠲᠣᠷ᠎ᠠ ᠪᠠᠬ᠎ᠠ ᠵᠢ ᠪᠣᠯᠢᠶᠠᠳᠠᠭ ᠪᠠᠶᠢᠨ᠎ᠠ ᠃

ᠮᠣᠨᠭ᠍ᠭᠣᠯ ᠳᠦᠷᠪᠡᠨ ᠣᠳᠠᠰᠣᠳᠣ ᠬᠣᠭᠣᠷ ᠢ ᠲᠠᠨᠭ᠍ ᠣᠯᠣᠰ ᠣᠨ ᠰᠢᠴᠢᠨ ᠬᠦᠭᠵᠢᠮ ︱ ᠰᠦᠨᠭ ᠣᠯᠣᠰ ᠣᠨ ᠵᠢᠴᠢᠨ ᠬᠦᠭᠵᠢᠮ ︱ ᠮᠣᠨᠭ᠍ᠭᠣᠯ ᠂ ᠶᠣᠸᠠᠨ ᠣᠯᠣᠰ ᠣᠨ ᠦᠶ᠎ᠡ ᠵᠢᠨ ᠬᠣᠶᠠᠷ ᠣᠳᠠᠰᠣᠳᠣ ᠬᠣᠭᠣᠷ ︱ ᠣᠮᠠᠷᠠᠳᠣ ᠶᠣᠸᠠᠨ ᠣᠯᠣᠰ ᠣᠨ ᠳᠦᠷᠪᠡᠨ ᠣᠳᠠᠰᠣᠳᠣ ᠬᠣᠭᠣᠷ ︱ ᠴᠢᠨᠭ ᠣᠯᠣᠰ ᠣᠨ ᠲᠢᠴᠢᠨ ᠬᠣᠭᠣᠷ ᠵᠡᠷᠭᠡ  ᠡᠴᠡ ᠢᠳᠡᠭ ᠢᠳᠡᠭ ᠢᠶᠡᠷ ᠣᠯᠠᠷᠢᠵᠣ ᠢᠷᠡᠭᠰᠡᠨ ᠬᠡᠮᠡᠨ ᠦᠵᠡᠳᠡᠭ ᠪᠢᠯᠡ ᠃

default2015-12-02-5372d1e272-94dc-49c8-a8f1-ac7b9963a8ed

ᠲᠠᠨᠭ᠍ ᠣᠯᠣᠰ ᠣᠨ ᠰᠢᠴᠢᠨ ︵ 奚琴 ) ︵ ᠵᠢᠷᠣᠭ 1 ᠄ ᠰᠢᠴᠢᠨ ︶ ᠂ ᠵᠢᠴᠢᠨ ︵ 嵇琴 ︶ ᠭᠡᠵᠦ ᠪᠠᠰᠠ ᠳᠠᠭᠤᠳᠠᠳᠠᠭ ᠃ ᠤᠮᠠᠷᠠᠲᠤ ᠵᠢᠨ ᠴᠥᠭᠡᠨ ᠲᠣᠭᠠᠲᠤ ᠦᠨᠳᠦᠰᠦᠲᠡᠨ ᠦ ᠰᠢ ᠠᠶᠢᠮᠠᠭ ᠤᠨ ᠬᠦᠭᠵᠢᠮ ᠂ ᠬᠣᠵᠢᠮ  ᠨᠢ ᠳᠤᠮᠳᠠᠳᠤ ᠣᠷᠣᠨ ᠳᠤ ᠤᠯᠠᠮᠵᠢᠯᠠᠭᠳᠠᠨ ᠬᠦᠷᠴᠠᠢ ᠃ ︽ ᠬᠥᠭᠵᠢᠮ ᠦᠨ ᠨᠣᠮ ︾ ᠬᠡᠮᠡᠬᠦ ᠠᠷᠲᠡᠨ ᠦ ᠪᠢᠴᠢᠭ ᠲᠦ ᠵᠢᠷᠤᠯᠠᠭᠰᠠᠨ ᠢ ᠦᠨᠳᠦᠰᠦᠯᠡᠪᠡᠯ ᠂ ᠲᠠᠨᠭ᠍ ᠣᠯᠣᠰ ᠣᠨ ᠰᠢᠴᠢᠨ  ᠨᠢ ᠣᠳᠣᠬᠢ ᠬᠣᠶᠠᠷ ᠣᠳᠠᠰᠣᠳᠣ ᠬᠣᠭᠣᠷ  ᠲᠠᠢ ᠮᠠᠰᠢ ᠠᠳᠠᠯᠢᠪᠲᠣᠷ ᠪᠠᠶᠢᠨ᠎ᠠ ᠃ ᠠᠳᠠᠯᠢ ᠦᠭᠡᠢ  ᠨᠢ ᠴᠣᠣᠷᠢᠶᠠᠨ ᠬᠠᠶᠢᠷᠴᠠᠭ  ᠨᠢ ᠳᠠᠮᠠᠷᠣ ᠬᠡᠯᠪᠡᠷᠢ  ᠲᠠᠢ ᠂ ᠬᠣᠷᠣᠭᠣ ᠵᠢ  ᠨᠢ ᠠᠰᠡᠷᠭᠦ ᠣᠭᠰᠠᠷᠠᠭᠣᠯᠵᠣ ᠂ ᠠᠷᠠᠯ ᠳᠡᠭᠡᠷ᠎ᠡ  ᠨᠢ ᠣᠳᠠᠰᠣ ᠲᠣᠬᠢᠷᠠᠭᠣᠯᠬᠣ ᠶᠠᠭᠣᠮ᠎ᠠ ᠦᠭᠡᠢ ᠂ ᠬᠣᠯᠣᠰᠣᠨ ᠬᠠᠪᠳᠠᠰᠣ ᠪᠡᠷ ᠣᠳᠠᠰᠣ ᠪᠠᠨ ᠱᠦᠷᠭᠦᠭᠡᠳᠡᠭ ᠠᠵᠠᠢ ᠃ ︵ ᠵᠢᠷᠤᠭ 2 ᠄ ᠤᠯᠠᠮᠵᠢᠯᠠᠯᠲᠤ ᠬᠣᠶᠠᠷ ᠣᠳᠠᠰᠣᠳᠣ ᠬᠣᠭᠣᠷ ︔ ᠵᠢᠷᠤᠭ 3 ᠄ ᠣᠳᠣᠬᠢ ᠬᠣᠶᠠᠷ ᠣᠳᠠᠰᠣᠳᠣ ᠬᠣᠭᠣᠷ ︶

ᠮᠣᠨᠭ᠍ᠭᠣᠯ ᠳᠦᠷᠪᠡᠨ ᠣᠳᠠᠰᠣᠳᠣ ᠬᠣᠭᠣᠷ ᠂ ᠳᠠᠷᠣᠢ ᠳᠦᠷᠪᠡᠨ ᠬᠣᠷᠣᠭᠣ  ᠲᠠᠢ ᠬᠣᠭᠣᠷ ᠣᠨ ᠪᠣᠢ ᠪᠣᠯᠣᠭᠰᠠᠨ  ᠨᠢ ᠬᠠᠮᠣᠭ ᠣᠷᠣᠢ  ᠳᠠᠭᠠᠨ ᠣᠮᠠᠷᠠᠳᠣ ᠶᠣᠸᠠᠨ ᠣᠯᠣᠰ ᠣᠨ ᠠᠯᠳᠠᠨ ᠬᠠᠭᠠᠨ ᠣ ᠦᠶ᠎ᠡ ᠪᠣᠯᠬᠣ ᠶᠣᠮ ᠃ ᠠᠭᠦᠨ ᠢ ᠮᠠᠶᠢᠳᠠᠷ ᠵᠣᠣ ᠵᠢᠨ ᠬᠠᠨᠠᠨ ᠵᠢᠷᠣᠭ  ᠡᠴᠡ ᠮᠠᠳᠠᠵᠣ ᠪᠣᠯᠣᠨ᠎ᠠ ᠃ ᠵᠢᠷᠣᠭ ᠲᠣ ᠠᠯᠳᠠᠨ ᠬᠠᠨ ᠪᠠ ᠰᠠᠨ ᠨᠢᠶᠠᠨᠭ᠍ᠽᠢ ᠵᠢᠨ ᠣᠷᠳᠣᠨ ᠣ ᠬᠦ᠍ᠭ᠍ᠵᠢᠮ ᠵᠢᠨ ᠠᠨᠭ᠍ᠭᠢ ᠳ᠋ᠣ ᠂ ᠨᠢᠭᠡᠨ ᠠᠮᠡᠭ᠍ᠲᠡᠢ ᠭᠠᠷ  ᠲᠠᠭᠠᠨ ᠪᠦᠭᠡᠷᠡᠨᠭᠬᠡᠢ ᠬᠡᠯᠪᠡᠷᠢᠲᠦ ᠴᠣᠣᠷᠢᠶᠠᠨ ᠬᠠᠶᠢᠷᠴᠠᠭ  ᠲᠠᠢ ᠂ ᠮᠣᠳᠣᠨ ᠠᠷᠠᠯ  ᠲᠠᠢ ᠂ ᠳᠦᠷᠪᠡᠨ ᠬᠣᠷᠣᠭᠣ  ᠲᠠᠢ ᠂ ᠬᠢᠯᠭᠠᠰᠤᠨ ᠬᠦᠪᠴᠢ  ᠲᠠᠢ ᠬᠤᠭᠤᠷ ᠤᠨ ᠵᠢᠷᠣᠭ ᠪᠣᠢ ᠃ ᠠᠨᠡ ᠪᠣᠯ ᠳᠠᠷᠣᠢ ᠳᠦᠷᠪᠡᠨ ᠣᠳᠠᠰᠣᠳᠣ ᠬᠣᠭᠣᠷ ᠪᠣᠯᠬᠣ ᠶᠣᠮ ᠃

default2015-12-02-32235e1cf6-641a-423c-b4a9-422ad322e95b

ᠰᠦᠨᠭ ᠣᠯᠣᠰ ᠣᠨ ᠵᠢᠴᠢᠨ ︵ 嵇琴 ᠪᠣᠶᠣ 奚琴) ᠳᠣᠮᠳᠠᠳᠣ ᠣᠷᠣᠨ ᠣ ᠣᠷᠳᠣᠨ ᠪᠠ ᠠᠷᠠᠳ ᠣᠨ ᠳᠣᠮᠳᠠ ᠦᠯᠡᠮᠵᠢ ᠲᠦᠭᠡᠮᠡᠯᠵᠢᠭᠰᠡᠨ ᠪᠠᠶᠢᠨ᠎ᠠ ᠃ ᠣᠮᠠᠷᠠᠳᠣ ᠰᠦᠨᠭ ᠣᠯᠣᠰ ᠣᠨ ᠰᠡᠭᠦᠯᠴᠢ ᠪᠡᠷ ᠪᠠᠷᠠᠭᠣᠨ ᠬᠣᠶᠢᠳᠣ ᠵᠢᠨ ᠳᠠᠯ᠎ᠠ ᠨᠣᠳᠣᠭ ᠲᠣ ᠪᠠᠰᠠ ᠠᠯᠢᠮᠠᠨ ᠬᠡᠯᠪᠡᠷᠢ  ᠲᠠᠢ ᠬᠢᠯᠭᠠᠰᠣᠨ ᠣᠳᠠᠰᠣᠳᠣ ᠬᠦᠭᠵᠢᠮᠳᠡᠭᠦᠷ ᠭᠠᠷᠴᠣ ᠢᠷᠡᠪᠡ ᠃ ᠳᠠᠷᠣᠢ ᠂ ᠨᠣᠮᠣ ᠵᠢᠨ ᠬᠦᠪᠴᠢ ᠪᠠ ᠬᠣᠭᠣᠷ ᠣᠨ ᠣᠳᠠᠰᠣ ᠵᠢ  ᠨᠢ ᠴᠦᠮ ᠬᠢᠯᠭᠠᠰᠣ ᠪᠡᠷ ᠬᠢᠭᠰᠡᠨ ᠬᠦᠭᠵᠢᠮᠳᠡᠭᠦᠷ ᠪᠣᠯᠣᠨ᠎ᠠ ᠃

ᠬᠢᠯᠭᠠᠰᠣᠨ ᠣᠳᠠᠰᠣᠳᠣ ᠬᠦᠭᠵᠢᠮᠳᠡᠭᠦᠷ  ᠨᠢ ᠲᠠᠨᠭ᠍ ᠣᠯᠣᠰ ᠣᠨ ᠦᠶ᠎ᠡ ᠵᠢᠨ ᠪᠠᠷᠠᠭᠣᠨ ᠬᠢᠵᠠᠭᠠᠷ ᠣᠨ ᠲᠣᠪᠰᠢᠭᠣᠷ ᠬᠦᠭᠵᠢᠮ ᠬᠣᠪᠢᠰ  ᠡᠴᠡ ᠭᠠᠷᠣᠯᠳᠠᠢ ᠃ ︵ ᠵᠢᠷᠣᠭ 4 ᠄ ᠲᠠᠨᠭ᠍ ᠣᠯᠣᠰ ᠣᠨ ᠦᠶ᠎ᠡ ᠵᠢᠨ ᠬᠣᠪᠢᠰ ︶ ( ᠵᠢᠷᠤᠭ 5 ᠄ ᠶᠤᠸᠠᠨ ᠤᠯᠤᠰ ᠣᠨ ᠦᠶ᠎ᠡ ᠵᠢᠨ ᠬᠤᠪᠢᠰ ) ᠳᠠᠷᠣᠢ ᠬᠢᠯᠭᠠᠰᠣᠨ ᠬᠦᠪᠴᠢ ᠪᠡᠷ ᠬᠦᠭᠵᠢᠮᠳᠡᠬᠦ ᠬᠣᠪᠢᠰ ᠪᠣᠯᠣᠨ᠎ᠠ ᠃ ᠮᠣᠨᠭ᠍ᠭᠣᠯᠴᠣᠳ ᠠᠨᠡᠬᠦ ᠬᠦᠭᠵᠢᠮᠳᠡᠭᠦᠷ ᠢ ᠣᠯᠠᠮᠵᠢᠯᠡᠨ ᠲᠡᠭᠦᠨ ᠢ 《 ᠴᠣᠭᠣᠷ 》 ᠪᠣᠶᠣ 《 ᠬᠢᠭᠢᠯᠢ ︵ 伊奇里 ︶ ᠬᠣᠭᠣᠷ 》 ᠭᠡᠳᠡᠭ ᠪᠠᠶᠢᠵᠠᠢ ᠃ ︵ ᠵᠢᠷᠣᠭ 6 ᠄ ᠬᠢᠭᠢᠯᠢ ) ᠶᠦᠨᠨᠠᠨ ᠣ ᠨᠠᠰᠢ ᠦᠨᠳᠦᠰᠦᠳᠡᠨ ᠣ ᠳᠣᠮᠳᠠ ᠣᠳᠣ ᠬᠦᠷᠳᠡᠯ᠎ᠡ ᠪᠦᠷᠢᠨ ᠪᠦᠳᠦᠨ ᠬᠠᠳᠠᠭᠠᠯᠠᠭᠳᠠᠵᠣ ᠢᠷᠡᠭᠰᠡᠨ ᠠᠶᠢᠮᠦ ᠳᠦᠷᠪᠡᠨ ᠬᠢᠯᠭᠠᠰᠣᠨ ᠣᠳᠠᠰᠣ  ᠲᠠᠢ ᠬᠦᠭᠵᠢᠮᠳᠡᠭᠦᠷ ᠪᠣᠢ ᠂ ᠠᠭᠦᠨ ᠢ ᠲᠡᠳᠡ 《 ︵ ᠵᠢᠷᠤᠭ 7 : ᠰᠦ᠋ ᠭᠦ᠋ ᠳ᠋ᠦ᠋ )苏古笃》 ᠭᠡᠳᠡᠭ ᠪᠠᠶᠢᠨ᠎ᠠ ᠃ ᠣᠯᠠᠮᠵᠢᠯᠠᠯ ᠶᠠᠷᠢᠶ᠎ᠠ ᠢᠶᠡᠷ ᠶᠣᠸᠠᠨ ᠣᠯᠣᠰ ᠣᠨ ᠬᠣᠪᠢᠯᠠᠢ ᠬᠠᠭᠠᠨ ᠠᠮᠦᠨᠡᠰᠢ ᠳᠠᠶᠢᠯᠠᠨ ᠶᠦᠨᠨᠠᠨ ᠳ᠋ᠣ ᠬᠦᠷᠦᠭᠡᠳ ᠨᠠᠰᠢ ᠦᠨᠳᠦᠰᠦᠳᠡᠨ ᠬᠦᠷᠭᠡᠭᠰᠡᠨ ᠪᠡᠯᠡᠭ ᠭᠡᠳᠡᠭ ᠃

default2015-12-02-1629149abb-5ef0-47fd-8312-0a7d07ee3411 default2015-12-02-164246314e-294d-4abc-af8a-248cacc4d622 default2015-12-02-08dcb7cfab-804e-4f08-b888-7823c7500ae3

ᠴᠢᠨᠭ ᠣᠯᠣᠰ ᠣᠨ ᠦᠶ᠎ᠡ ᠳ᠋ᠣ ᠬᠦᠷᠴᠦ ᠢᠷᠡᠭᠡᠳ ᠬᠣᠭᠣᠷ ᠤᠨ ᠲᠥᠷᠥᠯ ᠵᠦᠢᠯ ᠣᠯᠠᠰᠢᠷᠠᠪᠠ ᠃ ︽ ᠬᠠᠭᠠᠨᠳᠣ ᠲᠦ᠍ᠷᠦ ᠵᠢᠨ ᠶᠤᠰᠤᠯᠠᠯᠳᠤ ᠬᠦᠭᠵᠢᠮ ᠣᠨ ᠵᠢᠷᠣᠭ ︾ ᠣᠨ ᠶᠢᠰᠦᠳᠦᠭᠡᠷ ᠪᠣᠳᠢ ᠳ᠋ᠣ ᠭᠣᠷᠪᠠᠨ ᠵᠦᠢᠯ ᠣᠨ ᠬᠢᠴᠢᠳᠠᠢ ᠬᠣᠭᠣᠷ ᠪᠣᠢ ᠄ ᠠᠯᠢᠮᠠᠨ ᠬᠡᠯᠪᠡᠷᠢᠳᠦ ᠬᠣᠭᠣᠷ ︵ ᠦᠪᠦᠷ ᠮᠣᠨᠭ᠍ᠭᠣᠯ ᠣᠨ ᠵᠡᠭᠦᠨ ᠬᠡᠰᠡᠭ ᠣᠨ ᠮᠣᠨᠭ᠍ᠭᠣᠯᠴᠣᠳ ᠴᠣᠭᠣᠷ ᠭᠡᠳᠡᠭ ︶ ︔ ᠬᠣᠨᠭ᠍ᠬᠢᠶ᠎ᠠ ᠬᠡᠯᠪᠡᠷᠢᠲᠦ ᠬᠣᠶᠠᠷ ᠣᠳᠠᠰᠣᠳᠣ ᠬᠣᠭᠣᠷ ︵ ᠬᠢᠳᠡᠳ ᠢᠶᠡᠷ ᠬᠣᠭᠣᠷ ᠭᠡᠳᠡᠭ ︶ ︔ ᠬᠣᠨᠭ᠍ᠬᠢᠶ᠎ᠠ ᠬᠡᠯᠪᠡᠷᠢᠲᠦ ᠳᠦ᠍ᠷᠪᠡᠨ ᠣᠳᠠᠰᠣᠳᠣ ᠬᠣᠭᠣᠷ ︵ ᠬᠢᠳᠡᠳ ᠢᠶᠡᠷ ᠲᠢᠴᠢᠨ ᠭᠡᠵᠦ ᠪᠣᠢ ︶ ᠵᠡᠷᠭᠡ ᠃ ᠴᠢᠨᠭ ᠣᠯᠣᠰ ᠣᠨ ᠳᠤᠮᠳᠠᠴᠢ ᠦᠶ᠎ᠡ  ᠡᠴᠡ ᠰᠡᠭᠦᠯᠡᠷ ᠂ ᠦᠯᠢᠭᠡᠷ ᠬᠣᠯᠪᠣᠭ᠎ᠠ ᠂ ᠠᠷᠠᠳ ᠣᠨ ᠦᠯᠢᠭᠡᠷᠲᠦ ᠳᠠᠭᠣᠣ ᠵᠢᠨ ᠪᠣᠢ ᠪᠣᠯᠬᠣ ᠪᠠ ᠬᠦᠭᠵᠢᠬᠦ ᠵᠢ ᠳᠠᠭᠠᠯᠳᠣᠨ ᠮᠣᠨᠭ᠍ᠭᠣᠯ ᠳᠦᠷᠪᠡᠨ ᠣᠳᠠᠰᠣᠳᠣ ᠬᠣᠭᠣᠷ ᠪᠠᠰᠠ ᠲᠦᠷᠭᠡᠨ ᠬᠦᠭᠵᠢᠯᠳᠡ ᠪᠠᠨ ᠣᠯᠪᠠ ᠃ ᠠᠭᠦᠨ ᠳ᠋ᠣ ᠫᠠᠵᠠᠢ ᠂ ᠮᠣᠣᠠᠦ᠍ᠬᠢᠨ ᠵᠡᠷᠭᠡ ᠬᠤᠭᠤᠷ ᠤᠨ ᠦᠯᠢᠭᠡᠷ ᠣᠨ ᠠᠪᠣᠷᠭᠣ ᠣᠷᠠᠯᠢᠭᠴᠢᠳ ᠭᠠᠷᠴᠣ ᠢᠷᠡᠭᠰᠡᠨ ᠶᠣᠮ ᠃

20 ᠵᠠᠭᠣᠨ ᠣ ᠳᠣᠮᠳᠠᠴᠢ ᠦᠶ᠎ᠡ ᠪᠡᠷ ᠂ ᠦᠪᠦᠷ ᠮᠣᠨᠭ᠍ᠭᠣᠯ ᠣᠷᠣᠨ ᠤ ᠵᠠᠷᠢᠮ ᠭᠠᠵᠠᠷ ᠲᠤ ᠂ ᠢᠯᠠᠨᠭ᠍ᠭᠣᠶ᠎ᠠ ᠵᠡᠭᠦᠨ ᠬᠡᠰᠡᠭ ᠣᠨ ᠮᠣᠩᠭᠣᠯ ᠳᠤ ᠂ ᠪᠠᠷᠣᠭ ᠠᠶᠢᠯ ᠪᠦᠷᠢ ᠵᠢᠨ ᠬᠠᠶᠠᠭᠠᠨ ᠳᠤ ᠳᠥᠷᠪᠡᠨ ᠤᠲᠠᠰᠤᠲᠤ ᠬᠤᠭᠤᠷ ᠠᠯᠭᠦᠭᠡᠰᠦᠲᠡᠢ ᠬᠠᠷᠠᠭᠳᠠᠳᠠᠭ ᠪᠢᠯᠡ ᠃    ᠶᠠᠭ ᠰᠠᠶᠢᠬᠠᠨ ᠠᠶᠢᠮᠦ ᠪᠠᠶᠢᠳᠠᠯ ᠳᠣᠣᠷ᠎ᠠ ᠰᠦᠨ ᠯᠢᠶᠠᠨᠭ᠍ ᠂ ᠲᠢᠶᠸ ᠭᠠᠨᠭ᠍ ᠂ ᠰᠦᠮ᠎ᠠ ᠵᠡᠷᠭᠡ ᠳᠦᠷᠪᠡᠨ ᠣᠳᠠᠰᠣᠳᠣ ᠬᠣᠭᠣᠷ ᠣᠨ ᠠᠷᠠᠳ ᠣᠨ ᠣᠷᠠᠯᠢᠭᠴᠢᠳ ᠭᠠᠷᠴᠣ ᠢᠷᠡᠭᠰᠡᠨ ᠶᠣᠮ ᠃ ᠲᠡᠳᠡ ᠳᠦᠷᠪᠡᠨ ᠣᠳᠠᠰᠣᠳᠣ ᠬᠣᠭᠣᠷ ᠣᠨ ᠬᠦᠭᠵᠢᠯ ᠢ ᠲᠦᠯᠬᠢᠨ ᠠᠬᠢᠭᠣᠯᠵᠣ ᠂ ᠣᠷᠢᠳ ᠭᠠᠷᠣᠭ᠎ᠠ ᠦᠭᠡᠢ ᠬᠡᠮᠵᠢᠶᠡᠨ ᠳ᠋ᠣ ᠬᠦᠷᠭᠡᠭᠰᠡᠨ ᠪᠠᠶᠢᠨ᠎ᠠ ᠃    ᠬᠡᠴᠢᠨᠡᠨ ᠵᠠᠭᠣᠨ ᠵᠢᠯ ᠣᠨ ᠲᠣᠷᠰᠢ ᠂ ᠮᠣᠨᠭ᠍ᠭᠣᠯ ᠳᠦᠷᠪᠡᠨ ᠣᠳᠠᠰᠣᠳᠣ ᠬᠣᠭᠣᠷ  ᠮᠠᠨᠢ ᠂ ᠮᠣᠨᠭ᠍ᠭᠣᠯᠴᠣᠳ ᠣᠨ ᠣᠷᠣᠭ᠎ᠠ ᠪᠣᠰᠬᠠᠭ᠎ᠠ ᠲᠡᠣᠬᠡᠨ ᠬᠦᠭᠵᠢᠯ ᠣᠨ ᠶᠠᠪᠤᠴᠠ ᠳᠤ ᠂ ᠣᠶᠣᠨ ᠰᠠᠨᠠᠭᠠᠨ ᠣ  ᠬᠢᠨ ᠬᠠᠨᠢ ᠪᠣᠯᠵᠣ ᠂ ᠣᠶᠠᠷᠠᠯ ᠵᠣᠪᠠᠯᠠᠨᠭ᠍ ᠢ  ᠬᠢᠨ ᠴᠤᠤᠷᠢᠶ᠎ᠠ ᠪᠣᠯᠣᠭᠰᠠᠭᠠᠷ ᠢᠷᠡᠭᠰᠡᠨ ᠶᠣᠮ ᠃

ᠬᠦᠭᠵᠢᠮᠴᠢᠨ     ᠫᠠᠵᠠᠢ

default2015-12-02-22d1061854-add7-42ae-aee3-2bd37338943e

ᠵᠢᠷᠤᠭ

default2015-12-02-08dcb7cfab-804e-4f08-b888-7823c7500ae3 default2015-12-02-22d1061854-add7-42ae-aee3-2bd37338943e default2015-12-02-5372d1e272-94dc-49c8-a8f1-ac7b9963a8ed default2015-12-02-32235e1cf6-641a-423c-b4a9-422ad322e95b default2015-12-02-1629149abb-5ef0-47fd-8312-0a7d07ee3411 default2015-12-02-164246314e-294d-4abc-af8a-248cacc4d622

ᠰᠢᠭᠦᠮᠵᠢ ᠦᠯᠡᠳᠡᠭᠡᠬᠦ