• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠦᠪᠡᠷᠮᠢᠴᠡ ᠬᠡᠯᠪᠡᠷᠢ ᠪᠦᠳᠦᠴᠡ ᠬᠢᠭᠡᠳ ᠭᠦᠭᠯᠡᠭᠦ ᠠᠷᠭ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-07
  • ᠄   41
  • ᠄   0
  • ᠄   0
  • ᠄  0

ᠦᠪᠡᠷᠮᠢᠴᠡ ᠬᠡᠯᠪᠡᠷᠢ ᠪᠦᠳᠦᠴᠡ ᠬᠢᠭᠡᠳ ᠭᠦᠭᠯᠡᠭᠦ ᠠᠷᠭ᠎ᠠ

ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠣᠷᠠᠯᠢᠭ ᠪᠣᠯ ᠠᠯᠪᠡᠭ᠍ ᠪᠠᠶᠠᠯᠢᠭ ᠂ ᠣᠯᠠᠨ ᠶᠠᠨᠭ᠍ᠵᠣ ᠵᠢᠨ ᠪᠠᠶᠢᠳᠠᠭ ᠂ ᠠᠨᠭ᠍ ᠲᠡᠷᠢᠭᠦᠨ ᠳ᠋ᠣ ᠲᠡᠭᠦᠨ ᠣ ᠬᠡᠯᠪᠡᠷᠢ ᠪᠦᠳᠦᠴᠡ ᠦᠪᠡᠷᠮᠢᠴᠡ ᠂ ᠳᠠᠭᠣᠨ ᠦᠨᠭᠭᠡ  ᠨᠢ ᠢᠯᠭᠣᠮ ᠳᠣᠳᠣ ᠂ ᠣᠷᠠᠯᠢᠭ ᠣᠨ ᠳᠠᠳᠠᠬᠣ ᠬᠦᠴᠦ ᠪᠡᠷ ᠣᠨᠴᠠ ᠪᠠᠶᠢᠳᠠᠭ ᠳᠡᠭᠡᠷ᠎ᠡ ᠢᠯᠷᠡᠵᠦ ᠂ ᠠᠭᠦᠨ ᠣ ᠤᠯᠠᠮ ᠵᠢᠡᠷ ᠮᠣᠨᠭ᠍ᠭᠣᠯ ᠦᠨᠳᠦᠰᠦᠳᠡᠨ ᠣ ᠣᠯᠠᠮᠵᠢᠯᠠᠯᠳᠣ ᠳᠠᠭᠣᠣ ᠬᠦᠭᠵᠢᠮ ᠣᠨ ᠦᠨᠭᠭᠡ ᠢᠯᠭᠠᠷᠠᠮ᠎ᠠ ᠂ ᠦᠪᠡᠷᠮᠢᠴᠡ ᠭᠣᠸ᠎ᠠ ᠰᠠᠶᠢᠬᠠᠨ ᠣ ᠲᠠᠭᠠᠰᠢᠶᠠᠯ ᠢ ᠲᠣᠰᠬᠠᠵᠣ ᠪᠣᠢ ᠃

1. ᠦᠪᠡᠷᠮᠢᠴᠡ ᠬᠡᠯᠪᠡᠷᠢ ᠪᠦᠳᠦᠴᠡ ᠮᠣᠨᠭ᠍ᠭᠣᠯ ᠳᠦᠷᠪᠡᠨ ᠣᠳᠠᠰᠣᠳᠣ ᠬᠣᠭᠣᠷ ᠪᠠ ᠬᠣᠶᠠᠷ ᠣᠳᠠᠰᠣᠳᠣ ᠬᠣᠭᠣᠷ ᠣᠨ ᠪᠦᠳᠦᠴᠡ ᠢᠯᠭᠠᠭ᠎ᠠ  ᠨᠢ ᠄

︵ 1 ︶ ᠮᠣᠨᠭ᠍ᠭᠣᠯ ᠳᠦᠷᠪᠡᠨ ᠣᠳᠠᠰᠣᠳᠣ ᠬᠣᠭᠣᠷ ᠂ ᠬᠣᠷᠣᠭᠣ  ᠨᠢ ᠳᠦᠷᠪᠡ ᠪᠦᠭᠡᠳ ᠳᠦᠷᠪᠡᠨ ᠶᠣᠨᠭ᠍ᠬᠣᠷ ᠣᠳᠠᠰᠣ ᠪᠣᠶᠣ ᠭᠠᠨᠭ᠍ ᠣᠳᠠᠰᠣ  ᠲᠠᠢ ︔ ᠬᠣᠶᠠᠷ ᠣᠳᠠᠰᠣᠳᠣ ᠬᠣᠭᠣᠷ ᠪᠣᠯ ᠬᠣᠶᠠᠷ ᠬᠣᠷᠣᠭᠣ  ᠲᠠᠢ ᠬᠣᠶᠠᠷ ᠭᠠᠨᠭ᠍ ᠣᠳᠠᠰᠣ  ᠲᠠᠢ ᠃

default2015-12-02-0817623bf4-291e-44b4-b6a8-62aa13f4bab7

ᠳᠡᠭᠡᠷᠡᠭᠢ ᠵᠢᠷᠤᠭ ᠄ ᠣᠳᠣᠬᠢ ᠬᠣᠶᠠᠷ ᠣᠳᠠᠰᠣᠳᠣ ᠬᠣᠭᠣᠷ

default2015-12-02-238b63b301-7b4b-41cd-a293-cc66bdd1047b

ᠳᠡᠭᠡᠷᠡᠭᠢ ᠵᠢᠷᠤᠭ ᠄ ᠬᠠᠩᠭᠢᠨᠠᠮ᠎ᠠ ᠬᠦᠭ᠍ ᠣᠨ ᠮᠣᠨᠭ᠍ᠭᠣᠯ ᠳᠦᠷᠪᠡᠨ ᠣᠳᠠᠰᠣᠳᠣ ᠬᠣᠭᠣᠷ    ︵ 2 ︶ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠨᠣᠮᠣ  ᠨᠢ ᠬᠣᠶᠠᠷ ᠪᠠᠭᠴᠠ ᠬᠢᠯᠭᠠᠰᠣ ᠪᠣᠶᠣ ᠨᠢᠯᠦᠨᠭ ᠰᠢᠷᠬᠡᠭ ᠵᠶᠠᠷ ᠪᠦᠷᠢᠯᠳᠦᠵᠦ ᠂ ᠲᠣᠰ ᠲᠣᠰ ᠨᠢᠭᠡᠳᠦᠭᠡᠷ ᠪᠠ ᠬᠣᠶᠠᠳᠣᠭᠠᠷ ᠂ ᠭᠣᠷᠪᠠᠳᠣᠭᠠᠷ ᠪᠠ ᠳᠦᠷᠪᠡᠳᠦᠭᠡᠷ ᠣᠳᠠᠰᠣᠨ ᠣ ᠬᠣᠭᠣᠷᠣᠨᠳᠣ ᠣᠭᠰᠠᠷᠠᠳᠠᠭ ᠃ ᠬᠣᠶᠠᠷ ᠣᠳᠠᠰᠣᠳᠣ ᠬᠣᠭᠣᠷ ᠣᠨ ᠨᠣᠮᠣ  ᠨᠢ ᠬᠠᠷᠢᠨ ᠨᠢᠭᠡ ᠯᠡ ᠪᠠᠭᠴᠠ ᠬᠢᠯᠭᠠᠰᠣ ᠪᠣᠶᠣ ᠨᠢᠯᠦᠨᠭ ᠰᠢᠷᠬᠡᠭ ᠵᠶᠠᠷ ᠪᠦᠷᠢᠯᠳᠦᠵᠦ ᠂ ᠬᠣᠶᠠᠷ ᠣᠳᠠᠰᠣ ᠵᠢᠨ ᠳᠣᠮᠳᠠ  ᠨᠢ ᠣᠭᠰᠠᠷᠠᠨ᠎ᠠ ᠃

default2015-12-02-47c618e205-b834-4abe-8fc5-44440acb0c83

2. ᠬᠦᠭ ᠲᠠᠭᠠᠷᠠᠭᠣᠯᠬᠣ ᠪᠠᠷᠢᠮᠵᠢᠶ᠎ᠠ    ᠳᠦᠷᠪᠡᠨ ᠣᠳᠠᠰᠣᠳᠣ ᠬᠣᠭᠣᠷ ᠬᠡᠳᠦᠶᠢᠪᠡᠷ ᠳᠦᠷᠪᠡᠨ ᠣᠳᠠᠰᠣ  ᠲᠠᠢ ᠪᠣᠯᠪᠠᠴᠣ ᠂ ᠵᠦᠪᠬᠡᠨ ᠬᠣᠶᠠᠷ ᠳᠠᠭᠣᠨ ᠦᠨᠳᠦᠷᠴᠡ ᠪᠡᠷ ᠬᠦᠭ ᠲᠠᠭᠠᠷᠠᠭᠣᠯᠳᠠᠭ ᠃ ᠠᠭᠦᠨ ᠳ᠋ᠣ ᠨᠢᠭᠡ ᠂ ᠭᠣᠷᠪᠠᠳᠣᠭᠠᠷ ᠣᠳᠠᠰᠣ  ᠨᠢ ᠠᠳᠠᠯᠢ ᠦᠨᠳᠦᠷᠴᠡ ᠪᠡᠷ ᠦᠨᠳᠦᠷ ᠳᠠᠭᠣᠨ ᠣ ᠭᠠᠳᠠᠷ ᠣᠳᠠᠰᠣ ᠪᠣᠯᠵᠣ ᠂ ᠬᠣᠶᠠᠷ ᠂ ᠳᠦᠷᠪᠡᠳᠦᠭᠡᠷ ᠣᠳᠠᠰᠣ  ᠨᠢ ᠠᠳᠠᠯᠢ ᠦᠨᠳᠦᠷᠴᠡ ᠪᠡᠷ ᠳᠣᠣᠷ᠎ᠠ ᠳᠠᠭᠣᠨ ᠣ ᠳᠣᠳᠣᠷ᠎ᠠ ᠣᠳᠠᠰᠣ ᠪᠣᠯᠳᠠᠭ ᠃ ᠭᠠᠳᠠᠷ ᠣᠳᠠᠰᠣ ᠪᠠ ᠳᠣᠳᠣᠷ᠎ᠠ ᠣᠳᠠᠰᠣ ᠵᠢ ᠬᠣᠭᠣᠷᠣᠨᠳᠣ  ᠨᠢ ᠴᠡᠪᠡᠷ ᠳᠠᠪᠣᠴᠠ ᠵᠢᠨ ᠬᠣᠷᠢᠴᠠᠭ᠎ᠠ ᠪᠡᠷ ᠭᠦᠭᠯᠡᠳᠡᠭ ᠢ ᠳᠠᠪᠣᠴᠠ ᠪᠡᠷ ᠬᠦᠭᠯᠡᠬᠦ ᠬᠡᠮᠡᠳᠡᠭ ᠃ ᠴᠠᠭ ᠦᠶ᠎ᠡ ᠵᠢᠨ ᠠᠳᠠᠯᠢ ᠪᠣᠰᠣ ᠂ ᠣᠷᠣᠨ ᠨᠣᠳᠣᠭ ᠣᠨ ᠢᠯᠭᠠᠭ᠎ᠠ ᠵᠢᠴᠢ ᠬᠦᠭᠵᠢᠮᠳᠡᠬᠦ ᠠᠷᠭ᠎ᠠ ᠵᠢᠨ ᠵᠦᠷᠢᠶ᠎ᠡ ︵ ᠵᠢᠱᠢᠶᠡᠯᠡᠪᠡᠯ ᠄ ᠬᠠᠪᠰᠣᠷᠣᠯ ᠂ ᠬᠣᠣᠰᠯᠠᠯ ᠂ ᠭᠣᠴᠣᠯᠠᠯ ᠂ ᠬᠠᠮᠳᠣᠷᠠᠯ ᠬᠦᠭᠵᠢᠮ ᠵᠡᠷᠭᠡ ︶  ᠡᠴᠡ ᠪᠣᠯᠵᠣ ᠂ ᠬᠦᠭᠯᠡᠬᠦ ᠠᠷᠭ᠎ᠠ ᠪᠠᠷᠢᠯ  ᠨᠢ ᠴᠣ ᠠᠳᠠᠯᠢ ᠪᠣᠰᠣ ᠪᠠᠶᠢᠳᠠᠭ ᠃

ᠳᠣᠣᠷᠠᠬᠢ ᠪᠣᠯ ᠭᠦᠭᠯᠡᠭᠦ ᠡᠩ ᠣᠨ ᠪᠠᠷᠢᠮᠵᠢᠶ᠎ᠠ ᠄

ᠬᠠᠩᠭᠢᠨᠠᠮ᠎ᠠ ᠬᠦᠭ᠍ ᠣᠨ ᠬᠣᠭᠣᠷ  ᠢ ᠄ d' a' d' a' ︵ 1=C ᠂ 2  6 ᠣᠳᠠᠰᠣ ︶

ᠴᠠᠩᠭᠢᠨᠠᠮ᠎ᠠ ᠬᠦᠭ᠍ ᠣᠨ ᠬᠣᠭᠣᠷ ᠢ ᠄ g d' g d' ︵ 1=C ᠂ 5  2 ᠣᠳᠠᠰᠣ )

ᠠᠷᠭᠢᠯ ᠬᠦᠭ ᠣᠨ ᠬᠣᠭᠣᠷ ᠢ ᠄ d a d a ( ᠬᠠᠨᠭ᠍ᠭᠢᠨᠠᠮ᠎ᠠ ᠬᠣᠭᠣᠷ  ᠡᠴᠡ ᠨᠠᠢᠮᠠᠨ ᠭᠷᠠᠳᠦ᠍ᠰ ᠳᠣᠣᠷ᠎ᠠ ︶

ᠭᠦᠩᠭᠢᠨᠠᠮ᠎ᠠ ᠬᠦᠭ᠍ ᠣᠨ ᠬᠣᠭᠣᠷ ᠢ ᠄ G d G d ︵ ᠴᠠᠨᠭ᠍ᠭᠢᠨᠠᠮ᠎ᠠ ᠬᠣᠭᠣᠷ  ᠡᠴᠡ ᠨᠠᠢᠮᠠᠨ ᠭᠷᠠᠳᠦ᠍ᠰ ᠳᠣᠣᠷ᠎ᠠ ︶ ᠮᠡᠳᠣ ᠪᠡᠷ ᠲᠣᠰ ᠲᠣᠰ ᠳᠠᠭᠠᠷᠠᠭᠣᠯᠳᠠᠭ ᠪᠠᠶᠢᠨ᠎ᠠ ᠃

 

ᠮᠣᠨᠭ᠍ᠭᠣᠯ ᠳᠦᠷᠪᠡᠨ ᠣᠳᠠᠰᠣᠳᠣ ᠬᠣᠭᠣᠷ

default2015-12-02-228a5f050a-2c4d-41b8-b43e-50d9028b06aa

ᠰᠢᠭᠦᠮᠵᠢ ᠦᠯᠡᠳᠡᠭᠡᠬᠦ