• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠴᠠᠩᠭᠢᠨᠠᠮ᠎ᠠ ᠬᠦᠭ᠍ ᠣᠨ ᠮᠤᠩᠭᠤᠯ ᠳᠦᠷᠪᠡᠨ ᠣᠳᠠᠰᠣᠳᠣ ᠬᠣᠭᠣᠷ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   36
 • ᠄   0
 • ᠄   0
 • ᠄  0

ᠴᠠᠩᠭᠢᠨᠠᠮ᠎ᠠ ᠬᠦᠭ᠍ ᠣᠨ ᠮᠤᠩᠭᠤᠯ ᠳᠦᠷᠪᠡᠨ ᠣᠳᠠᠰᠣᠳᠣ ᠬᠣᠭᠣᠷ

ᠴᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ ᠢ ᠪᠠᠰᠠ ᠶᠡᠬᠡ ᠳᠦᠷᠪᠡᠨ ᠣᠳᠠᠰᠣᠳᠣ ᠬᠣᠭᠣᠷ ᠪᠣᠶᠣ  ᠬᠣᠯᠪᠣᠭ᠎ᠠ ᠵᠢᠨ ᠬᠣᠭᠣᠷ ᠭᠡᠳᠡᠭ ᠃ ᠲᠡᠭᠦᠨ ᠣ ᠪᠠᠷᠢᠮᠵᠢᠶ᠎ᠠ ᠬᠡᠮᠵᠢᠶ᠎ᠡ  ᠨᠢ ᠄ ᠪᠦᠬᠦ ᠣᠷᠳᠣ  ᠨᠢ 90 ᠰᠠᠨᠲ᠋ᠢᠮᠸᠲ᠋ᠷ ᠂ ᠬᠠᠳᠠᠭᠣ  ᠮᠣᠳᠣᠨ ᠠᠷᠠᠯ  ᠲᠠᠢ ᠂ ᠠᠷᠠᠯ ᠤᠨ  ᠬᠢᠨ ᠤᠷᠲᠤ  ᠨᠢ 80 ᠰᠠᠨᠲ᠋ᠢᠮᠸᠲ᠋ᠷ ︔ ᠬᠣᠭᠣᠷ ᠣᠨ ᠴᠤᠤᠷᠢᠶᠠᠨ ᠬᠠᠶᠢᠷᠴᠠᠭ ᠢ ᠮᠣᠳᠣ  ᠪᠣᠶᠣ ᠭᠠᠣᠯᠢ ᠪᠡᠷ ᠬᠢᠵᠦ ᠂ ᠤᠷᠲᠤ  ᠨᠢ 17 ᠰᠠᠨᠲ᠋ᠢᠮᠸᠲ᠋ᠷ ᠪᠠᠶᠢᠳᠠᠭ ᠂ ᠨᠢᠭᠡ ᠳᠠᠯ᠎ᠠ ᠵᠢ ᠨᠢ ᠮᠠᠨᠭ᠍ ᠮᠣᠭᠠᠢ ᠵᠢᠨ ᠠᠷᠠᠰᠣ ᠪᠤᠶᠤ  ᠢᠮᠠᠭᠠᠨ ᠠᠷᠠᠰᠣ ᠪᠡᠷ ᠪᠦᠷᠢᠵᠦ ᠂ ᠳ᠋ᠢᠶᠠᠮᠸᠲ᠋ᠷ ᠣᠨ ᠣᠷᠳᠣ  ᠨᠢ 10 ᠰᠠᠨᠲ᠋ᠢᠮᠸᠲ᠋ᠷ ᠪᠠᠶᠢᠳᠠᠭ ︔ ᠳᠦᠷᠪᠡᠨ ᠶᠣᠨᠭ᠍ᠬᠣᠷ ᠣᠳᠠᠰᠣ  ᠪᠣᠶᠣ ᠭᠠᠨᠭ᠍ ᠣᠳᠠᠰᠣ  ᠲᠠᠢ ︔ ᠬᠣᠶᠠᠷ ᠪᠠᠭᠴᠠ ᠬᠢᠯᠭᠠᠰᠣᠨ ᠰᠢᠷᠬᠡᠭ ᠪᠡᠷ ᠬᠦᠪᠴᠢ ᠪᠣᠯᠭᠠᠭᠰᠠᠨ ᠬᠣᠯᠣᠰᠣᠨ ᠨᠤᠮᠤ  ᠨᠢ  78 ᠰᠠᠨᠲ᠋ᠢᠮᠸᠲ᠋ᠷ ᠣᠷᠳᠣ ᠪᠠᠶᠢᠳᠠᠭ ᠃

ᠴᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ  ᠨᠢ ᠤᠶᠠᠬᠠᠨ ᠵᠥᠭᠡᠯᠡᠨ ᠠᠭᠡᠰᠢᠭ  ᠲᠠᠢ ᠂ ᠤᠶᠠᠩᠭᠠᠯᠢᠭ  ᠲᠣᠳᠣᠬᠠᠨ ᠳᠠᠭᠤᠨ  ᠲᠠᠢ ᠪᠣᠯᠬᠣᠷ ᠬᠦᠣᠷᠨᠢᠯ ᠠᠷᠠᠳ ᠣᠨ ᠳᠠᠭᠣᠣ ᠂ ᠦᠯᠢᠭᠡᠷ ᠪᠠ ᠬᠤᠯᠪᠤᠭ᠎ᠠ ᠳ᠋ᠣ ᠬᠠᠪᠰᠤᠷᠤᠯᠭ᠎ᠠ ᠪᠣᠯᠵᠣ  ᠪᠠᠶᠢᠳᠠᠭ ᠪᠦᠭᠡᠳ ᠦᠷᠭᠦᠯᠵᠢ ᠬᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ  ᠲᠠᠢ  ᠬᠠᠮᠳᠣ ᠬᠣᠣᠰᠯᠠᠯ ᠬᠦᠭᠵᠢᠮ  ᠪᠠ ᠨᠠᠶᠢᠷᠠᠯ ᠬᠦᠭᠵᠢᠮ ᠵᠡᠷᠭᠡ ᠳ᠋ᠣ ᠬᠡᠷᠡᠭᠯᠡᠵᠣ ᠪᠣᠢ ᠂ ᠭᠡᠪᠡᠴᠦ ᠭᠣᠴᠣᠯᠠᠯ ᠬᠦᠭᠵᠢᠮ ᠪᠡᠷ  ᠬᠡᠷᠡᠭᠯᠡᠬᠦ  ᠨᠢ ᠴᠦᠬᠡᠨ  ᠬᠠᠷᠠᠭᠳᠠᠨ᠎ᠠ ᠃

    《 ᠷᠣᠯᠭᠠᠷᠮ᠎ᠠ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

ᠣᠣᠯ  ᠨᠢ ᠲᠦᠰᠢᠶᠡᠳᠣ ᠬᠣᠰᠢᠭᠣᠨ ︵ ᠣᠳᠣ ᠵᠢᠨ ᠬᠣᠷᠴᠢᠨ ᠪᠠᠷᠠᠭᠣᠨ ᠭᠠᠷᠣᠨ ᠳᠣᠮᠳᠠᠳᠣ ᠬᠣᠰᠢᠭᠣ ︶ ᠣ ᠠᠳᠠᠯᠢ  ᠨᠡᠷᠡᠳᠣ ᠠᠷᠠᠳ ᠣᠨ ᠲᠣᠣᠯᠢ ᠳᠠᠭᠣᠣ  ᠡᠴᠡ ᠭᠠᠷᠣᠯᠳᠠᠢ ᠃ ᠬᠠᠭᠣᠴᠢᠨ ᠨᠠᠶᠢᠭᠡᠮ  ᠳᠡᠬᠢ ᠮᠣᠨᠭ᠍ᠭᠣᠯᠴᠣᠳ ᠣᠨ ᠴᠡᠷᠢᠭ  ᠣᠨ  ᠠᠯᠪᠠ ᠵᠢᠨ ᠭᠠᠰᠢᠭᠣᠨ ᠵᠦᠳᠡᠭᠦᠷᠢ ᠪᠠ ᠠᠮᠡᠭ᠍ᠳᠠᠶᠢᠴᠣᠳ ᠣᠨ ᠱᠠᠰᠢᠨ ᠰᠣᠷᠳᠠᠬᠣᠨ ᠣ ᠬᠦᠯᠢᠶᠡᠰᠣᠯᠠᠯ ᠳᠣᠣᠷᠠᠬᠢ ᠭᠠᠰᠠᠯᠠᠨᠭ᠍ᠳᠣ  ᠬᠣᠪᠢ ᠵᠠᠶᠠᠭ᠎ᠠ ᠵᠢ ᠲᠣᠰᠬᠠᠭᠰᠠᠨ ᠪᠠᠶᠢᠳᠠᠭ ᠃ ᠬᠦᠭ ᠠᠶᠠᠯᠭᠣ  ᠨᠢ ᠪᠣᠷᠣᠭᠵᠢᠭᠣᠨ ᠴᠢᠬᠢᠮᠠᠢ ᠂ ᠭᠠᠰᠠᠨᠭ᠍ ᠣᠶᠠᠷᠠᠯᠳᠠᠢ ᠃

ᠴᠠᠩᠭᠢᠨᠠᠮ᠎ᠠ  ᠬᠦᠭ ᠣᠨ ᠳᠦᠷᠪᠡᠨ ᠣᠳᠠᠰᠣᠳᠣ ᠬᠣᠭᠣᠷ ᠣᠨ ᠳᠠᠭᠣᠨ ᠦᠨᠭᠭᠡ  ᠨᠢ ᠶᠠᠭ ᠰᠠᠶᠢᠬᠠᠨ ᠠᠶᠢᠮᠦᠷᠬᠦ  ᠭᠠᠰᠢᠭᠣᠨ ᠵᠣᠪᠠᠯᠠᠨᠭ᠍ᠳᠣ  ᠰᠡᠳᠭᠢᠯᠭᠡ ᠵᠢ ᠢᠯᠡᠳᠭᠡᠬᠦ ᠳ᠋ᠣ ᠲᠣᠬᠢᠷᠠᠭᠰᠠᠨ ᠪᠠᠶᠢᠳᠠᠭ ᠃

 

ᠴᠠᠩᠭᠢᠨᠠᠮ᠎ᠠ ᠬᠦᠭ᠍ ᠣᠨ ᠮᠤᠩᠭᠤᠯ ᠳᠦᠷᠪᠡᠨ ᠣᠳᠠᠰᠣᠳᠣ ᠬᠣᠭᠣᠷ

default2015-12-02-58adc3f74c-ecce-4b1d-a344-05aa6c415d9b

VCD ᠪᠢᠴᠢᠯᠭᠡ

MP3 ᠪᠢᠴᠢᠯᠭᠡ ︱ 《 ᠷᠣᠯᠭᠠᠷᠮ᠎ᠠ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

《 ᠷᠣᠯᠭᠠᠷᠮ᠎ᠠ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

ᠰᠢᠭᠦᠮᠵᠢ ᠦᠯᠡᠳᠡᠭᠡᠬᠦ