• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠᠷᠭᠢᠯ ᠬᠦᠭ ᠣᠨ ᠮᠤᠩᠭᠤᠯ ᠳᠦᠷᠪᠡᠨ ᠣᠳᠠᠰᠣᠳᠣ ᠬᠣᠭᠣᠷ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   41
 • ᠄   0
 • ᠄   0
 • ᠄  0

ᠠᠷᠭᠢᠯ ᠬᠦᠭ ᠣᠨ ᠮᠤᠩᠭᠤᠯ ᠳᠦᠷᠪᠡᠨ ᠣᠳᠠᠰᠣᠳᠣ ᠬᠣᠭᠣᠷ

ᠠᠷᠭᠢᠯ ᠬᠦᠭ ᠣᠨ ᠳᠦᠷᠪᠡᠨ ᠣᠳᠠᠰᠣᠳᠣ ᠬᠣᠭᠣᠷ ᠢ ᠪᠠᠰᠠ ᠬᠣᠯᠪᠣᠭ᠎ᠠ ᠵᠢᠨ ᠬᠣᠭᠣᠷ ᠭᠡᠳᠡᠭ ᠃ ᠪᠦᠬᠦ ᠣᠷᠳᠣ  ᠨᠢ  105 ᠰᠠᠨᠲ᠋ᠢᠮᠸᠲ᠋ᠷ ᠂ ᠬᠠᠳᠠᠭᠣ ᠮᠣᠳᠣᠨ ᠠᠷᠠᠯ  ᠲᠠᠢ ᠂ ᠠᠷᠠᠯ ᠤᠨ  ᠬᠢᠨ ᠤᠷᠲᠤ  ᠨᠢ 93 ᠰᠠᠨᠲ᠋ᠢᠮᠸᠲ᠋ᠷ ︔ ᠬᠣᠭᠣᠷ ᠣᠨ  ᠴᠤᠤᠷᠢᠶᠠᠨ ᠬᠠᠶᠢᠷᠴᠠᠭ ᠢ ᠮᠣᠳᠣ ᠪᠡᠷ ᠬᠢᠳᠡᠭ ᠪᠦᠭᠡᠳ ᠪᠦᠭᠡᠷᠡᠨᠭᠬᠡᠢ ᠂ ᠵᠢᠷᠭᠣᠭᠠᠯᠵᠢᠨ ᠂ ᠨᠠᠢᠮᠠᠯᠵᠢᠨ ᠬᠡᠯᠪᠡᠷᠢ ᠵᠢᠨ ᠪᠦᠷ  ᠪᠠᠶᠢᠵᠣ ᠂ ᠣᠷᠳᠣ  ᠨᠢ 20 ᠰᠠᠨᠲ᠋ᠢᠮᠸᠲ᠋ᠷ ᠂ ᠨᠢᠭᠡ ᠳᠠᠯ᠎ᠠ ᠵᠢ  ᠨᠢ ᠮᠠᠨᠭ᠍ ᠮᠣᠭᠠᠢ ᠵᠢᠨ ᠠᠷᠠᠰᠣ ᠪᠤᠶᠤ ᠢᠮᠠᠭᠠᠨ ᠠᠷᠠᠰᠣ ᠪᠡᠷ  ᠪᠦᠷᠢᠵᠦ ᠂ ᠳ᠋ᠢᠶᠠᠮᠸᠲ᠋ᠷ ᠣᠨ ᠣᠷᠳᠣ  ᠨᠢ 11.5 ᠰᠠᠨᠲ᠋ᠢᠮᠸᠲ᠋ᠷ ᠪᠠᠶᠢᠳᠠᠭ ︔ ᠬᠣᠶᠠᠷ ᠪᠠᠭᠴᠠ ᠬᠢᠯᠭᠠᠰᠣᠨ ᠰᠢᠷᠬᠡᠭ ᠪᠡᠷ  ᠬᠦᠪᠴᠢ ᠪᠣᠯᠭᠠᠭᠰᠠᠨ ᠬᠣᠯᠣᠰᠣᠨ ᠨᠤᠮᠤ  ᠨᠢ 61 ᠰᠠᠨᠲ᠋ᠢᠮᠸᠲ᠋ᠷ ᠣᠷᠳᠣ ᠪᠠᠶᠢᠳᠠᠭ ᠃

《 ᠲᠣᠭᠳᠠᠬᠣ 》 ︵ ᠢᠳᠠᠨᠵᠠᠪ  ᠡᠴᠡ ᠳᠠᠭᠣᠯᠠᠵᠣ ᠬᠦᠭᠵᠢᠮᠳᠡᠨ᠎ᠡ ︶

ᠦᠨᠳᠦᠰᠦᠳᠡᠨ ᠣ ᠪᠠᠭᠠᠳᠣᠷ ᠲᠣᠭᠳᠠᠬᠣ ᠪᠣᠯ ᠭᠣᠷᠯᠣᠰ ᠣᠨ ᠠᠮᠦᠨᠡᠳᠣ ᠬᠣᠰᠢᠭᠣᠨ ᠣ ᠲᠠᠬᠣ ︵ 塔胡 ︶  ᠬᠣᠳᠠ ᠵᠢᠨ ᠭᠣᠷᠪᠡᠨ ᠭᠡᠷ ᠠᠶᠢᠯ ︵ ᠣᠳᠣ ᠵᠢᠨ ᠭᠢᠷᠢᠨ ᠮᠣᠵᠢ ᠵᠢᠨ ᠠᠮᠦᠨᠡᠳᠣ ᠭᠣᠷᠯᠣᠰ  ᠣᠨ ᠮᠣᠨᠭ᠍ᠭᠣᠯ ᠦᠨᠳᠦᠰᠦᠳᠡᠨ ᠣ  ᠦᠪᠡᠷᠲᠡᠭᠡᠨ ᠵᠠᠰᠠᠬᠣ ᠰᠢᠶᠠᠨ ︶ ᠳ᠋ᠣ ᠲᠦᠷᠦᠭᠰᠡᠨ ᠶᠣᠮ ᠃ 1906 ᠣᠨ ᠳ᠋ᠣ ᠲᠡᠷᠡ ᠂ ᠹᠸᠣᠳᠠᠯ ᠣᠨ ᠴᠡᠷᠢᠭ ᠣᠨ  ᠠᠷᠬᠡᠳᠡᠨ ᠣ ᠶᠠᠫᠣᠨ ᠵᠣᠯᠢᠭ  ᠲᠠᠢ ᠰᠦᠯᠪᠡᠭᠡᠯᠳᠦᠵᠦ ᠂ ᠮᠣᠨᠭ᠍ᠭᠣᠯᠴᠣᠳ ᠣᠨ ᠭᠠᠵᠠᠷ ᠨᠣᠳᠣᠭ ᠢ ᠪᠣᠯᠢᠶᠠᠨ ᠳᠡᠭᠡᠷᠡᠮᠳᠡᠭᠰᠡᠨ  ᠦᠢᠯᠡ ᠠᠵᠢᠯᠯᠠᠭ᠎ᠠ  ᠲᠠᠢ ᠶᠠᠪᠣᠭᠣᠯᠣᠭᠰᠠᠨ ᠵᠡᠪᠰᠡᠭᠳᠣ ᠪᠣᠰᠣᠯᠭ᠎ᠠ ᠭᠠᠷᠭᠠᠵᠣ ᠂ ᠬᠣᠷᠴᠢᠨ ᠣ ᠳᠠᠯ᠎ᠠ ᠨᠣᠳᠣᠭ ᠪᠡᠷ ᠠᠷᠪᠠᠭᠠᠳ  ᠵᠢᠯ  ᠣᠨ ᠰᠢᠷᠭᠠᠭᠣ ᠬᠠᠳᠠᠭᠣᠵᠢᠯᠳᠠᠢ ᠲᠡᠮᠡᠴᠡᠯ ᠢ ᠶᠠᠪᠣᠭᠣᠯᠵᠣ ᠂ ᠡᠴᠦᠰ ᠲᠡᠭᠡᠨ ᠳᠠᠶᠢᠰᠣᠨ ᠣᠯᠠᠨ ᠪᠣᠰᠣᠯᠭ᠎ᠠ ᠵᠢᠨ ᠴᠡᠷᠢᠭ  ᠴᠦᠭᠡᠨ  ᠡᠴᠡ ᠪᠣᠯᠵᠣ ᠢᠯᠠᠭᠳᠠᠭᠰᠠᠨ ᠪᠠᠶᠢᠨ᠎ᠠ ᠂ ᠭᠡᠪᠡᠴᠣ ᠲᠠᠭᠦᠨ ᠣ ᠲᠡᠮᠡᠴᠡᠯ ᠣᠨ ᠵᠣᠷᠢᠭ ᠰᠠᠨᠠᠭ᠎ᠠ ᠪᠣᠯᠣᠨ ᠪᠠᠭᠠᠳᠣᠷᠯᠢᠭ  ᠦᠢᠯᠡ ᠠᠵᠢᠯᠯᠠᠭ᠎ᠠ  ᠨᠢ ᠬᠣᠷᠴᠢᠨ ᠣ ᠠᠷᠠᠳ ᠲᠦᠮᠡᠨ ᠣ ᠰᠡᠳᠭᠢᠯ ᠵᠢᠷᠦᠬᠡᠨ ᠳ᠋ᠣ ᠦᠨᠢ ᠮᠦᠨᠭᠬᠡ ᠣᠷᠣᠰᠢᠪᠠ ᠃

ᠠᠷᠭᠢᠯ ᠬᠦᠭ ᠣᠨ ᠳᠦᠷᠪᠡᠨ ᠣᠳᠠᠰᠣᠳᠣ ᠬᠣᠭᠣᠷ ᠣᠨ ᠳᠠᠭᠣᠨ ᠦᠨᠭᠭᠡ  ᠨᠢ ᠬᠦᠨᠳᠣ ᠨᠦᠰᠡᠷ ᠮᠦᠷᠳᠡᠭᠡᠨ ᠪᠠᠶᠠᠯᠢᠭ ᠂  ᠳᠠᠭᠣᠨ  ᠨᠢ ᠴᠡᠪᠡᠷ ᠪᠣᠷᠣᠭᠵᠢᠭᠣᠨ ᠮᠦᠷᠳᠡᠭᠡᠨ ᠰᠦᠭᠡᠨᠭᠬᠢ ᠂ ᠬᠦᠷ ᠬᠦᠭᠵᠢᠶᠡᠨ ᠵᠶᠠᠷ ᠳᠣᠳᠠᠮᠠᠭ ᠭᠡᠰᠡᠨ ᠴᠣ ᠬᠦᠮᠦᠰ ᠢ  ᠲᠠᠳᠠᠬᠣ ᠬᠦᠴᠦᠨ ᠵᠶᠠᠷ ᠴᠢᠨᠭᠭ᠎ᠠ ᠪᠠᠶᠢᠳᠠᠭ ︔ ᠠᠶᠢᠮᠦ  ᠡᠴᠡ ᠠᠷᠭᠢᠯ ᠬᠦᠭ ᠣᠨ ᠳᠦᠷᠪᠡᠨ ᠣᠳᠠᠰᠣᠳᠣ ᠬᠣᠭᠣᠷ  ᠨᠢ  ᠬᠦᠣᠷᠨᠢᠯ ᠠᠷᠠᠳ ᠣᠨ ᠳᠠᠭᠣᠣ ᠂ ᠦᠯᠢᠭᠡᠷ ᠬᠣᠯᠪᠣᠭ᠎ᠠ ᠬᠡᠯᠡᠬᠦ ᠳ᠋ᠣ ᠲᠣᠳᠠᠭᠳᠠᠵᠣ ᠪᠣᠯᠬᠣ ᠦᠭᠡᠢ ᠮᠦᠷᠳᠡᠭᠡᠨ ᠂ ᠪᠠᠰᠠ  ᠦᠨᠳᠦᠰᠦᠳᠡᠨ ᠣ ᠬᠠᠮᠳᠣᠷᠠᠯ ᠬᠦᠭᠵᠢᠮ ᠪᠠ ᠬᠠᠪᠰᠣᠷᠣᠯ ᠬᠦᠭᠵᠢᠮ ᠵᠡᠷᠭᠡ ᠳ᠋ᠣ ᠴᠣ ᠲᠣᠳᠠᠭᠳᠠᠵᠣ ᠪᠣᠯᠣᠰᠢ ᠦᠭᠡᠢ ᠴᠢᠬᠣᠯᠠ  ᠪᠣᠯᠬᠣ ᠠᠷᠭᠢᠯ ᠬᠦᠭ ᠣᠨ ᠬᠤᠭᠤᠷ ᠣᠨ ᠨᠢᠭᠡᠨ ᠪᠣᠯᠣᠨ᠎ᠠ ᠃ ᠣᠶᠢᠷ᠎ᠠ ᠣᠨ ᠵᠢᠯ ᠣᠳ ᠲᠣ ᠪᠠᠰᠠ ᠭᠣᠴᠣᠯᠠᠯ ᠬᠦᠭᠵᠢᠮ ᠪᠡᠷ  ᠬᠡᠷᠡᠭᠯᠡᠵᠦ ᠪᠣᠢ ᠃

《 ᠲᠣᠭᠣᠯᠵᠢᠨ ᠠᠭᠣᠯᠠ 》 ︵ ᠢᠳᠠᠨᠵᠠᠪ  ᠡᠴᠡ ᠳᠠᠭᠣᠯᠠᠵᠣ ᠬᠦᠭᠵᠢᠮᠳᠡᠨ᠎ᠡ ︶

ᠬᠣᠷᠴᠢᠨ ᠵᠡᠭᠦᠨ ᠭᠠᠷᠣᠨ ᠬᠣᠶᠢᠳᠣ ᠬᠣᠰᠢᠭᠣᠨ ᠳᠣ ᠪᠠᠶᠢᠷᠢᠰᠢᠯ  ᠲᠠᠢ ᠦᠨᠳᠦᠷ ᠰᠦᠷᠯᠢᠭ ᠲᠣᠭᠣᠯᠵᠢᠨ ᠠᠭᠣᠯᠠ ᠪᠣᠯ  ᠬᠣᠷᠴᠢᠨ ᠣ ᠳᠠᠯ᠎ᠠ ᠨᠣᠳᠣᠭ ᠣᠨ ᠲᠠᠨᠭ᠍ᠰᠣᠭ ᠦᠵᠡᠮᠵᠢᠳᠣ ᠲᠠᠪᠣᠨ ᠠᠭᠣᠯᠠ ᠵᠢᠨ ᠨᠢᠭᠡ  ᠨᠢ ᠪᠣᠯᠣᠨ᠎ᠠ ᠃ ᠠᠷᠠᠳ ᠣᠨ ᠳᠠᠭᠣᠣ

《 ᠲᠣᠭᠣᠯᠵᠢᠨ ᠠᠭᠣᠯᠠ 》 ᠳ᠋ᠣ ᠂ ᠠᠷᠢᠶᠠᠳᠠᠨ ᠵᠢᠭᠦᠷᠳᠡᠨ ᠰᠢᠪᠠᠭᠣ ᠠᠷᠭᠢᠵᠦ ᠲᠣᠭᠣᠷᠢᠭᠠᠳ ᠲᠣᠭᠯᠠᠭᠰᠠᠨ ᠂ ᠠᠳᠣᠭᠣ  ᠮᠠᠯ ᠣᠨ ᠰᠦᠷᠦᠭ  ᠨᠢ ᠠᠨᠭ᠍ᠭᠡᠷ ᠳᠦᠭᠦᠷᠡᠨᠭ ᠪᠡᠯᠴᠢᠭᠰᠡᠨ ᠁ ᠭᠡᠬᠦ ᠮᠡᠳᠣ ᠪᠡᠷ ᠲᠣᠭᠣᠯᠵᠢᠨ ᠠᠭᠣᠯᠠ ᠵᠢᠨ ᠲᠡᠭᠦᠰ  ᠦᠵᠡᠮᠵᠢ ᠵᠢ ᠮᠠᠭᠳᠠᠨ ᠳᠠᠭᠣᠯᠠᠵᠣ ᠂ ᠰᠣᠭᠲᠣᠭᠣᠷᠠᠭᠣᠯᠣᠮ᠎ᠠ ᠰᠠᠶᠢᠬᠠᠨ ᠪᠠᠶᠢᠭᠠᠯᠢ ᠪᠠᠨ ᠰᠡᠳᠭᠢᠯ ᠪᠠᠬᠠᠳᠣᠨ  ᠣᠶᠠᠨᠭ᠍ᠭᠠᠯᠠᠭᠰᠠᠨ ᠪᠠᠶᠢᠳᠠᠭ ᠃ ᠭᠡᠳᠡᠯ᠎ᠡ ᠬᠦᠮᠦᠨ ᠲᠦᠷᠦᠯᠬᠢᠳᠡᠨ ᠣ ᠪᠠᠯᠠᠮᠠᠳ ᠠᠵᠢᠯᠯᠠᠭ᠎ᠠ  ᠡᠴᠡ ᠂ ᠠᠣᠭ᠎ᠠ ᠦᠵᠡᠮᠵᠢᠳᠣ  ᠲᠣᠭᠣᠯᠵᠢᠨ ᠠᠭᠣᠯᠠ  ᠮᠠᠨᠢ ᠣᠷᠣᠨᠴᠣᠭ ᠲᠡᠳᠦᠢ ᠪᠣᠯᠣᠭᠰᠠᠨ ᠂ ᠠᠷᠢᠶᠠᠳᠡᠨ ᠵᠢᠭᠦᠷᠳᠡᠨ ᠰᠢᠪᠠᠭᠣ  ᠨᠢ ᠠᠯᠠᠭ᠎ᠠ ᠪᠣᠯᠣᠨ  ᠰᠠᠷᠨᠢᠭᠰᠠᠨ ᠰᠡᠳᠭᠢᠯ ᠡᠪᠬᠡᠷᠡᠮ᠎ᠡ ᠭᠣᠨᠢᠭᠳᠣ ᠪᠠᠶᠢᠳᠠᠯ  ᠨᠢ ᠬᠦᠨᠭᠭᠡᠨᠡᠮ᠎ᠡ ᠬᠣᠭᠣᠷ ᠣᠨ ᠣᠶᠠᠷᠠᠯᠳᠣ ᠠᠶᠠᠰ ᠪᠣᠯᠣᠨ  ᠬᠣᠴᠣᠷᠪᠠ ᠃

 

ᠠᠷᠭᠢᠯ ᠬᠦᠭ ᠣᠨ ᠮᠤᠩᠭᠤᠯ ᠳᠦᠷᠪᠡᠨ ᠣᠳᠠᠰᠣᠳᠣ ᠬᠣᠭᠣᠷ

default2015-12-02-1459233007-651b-4584-82bf-e6958199cdb1

default2015-12-02-5719eb70cb-fd78-4570-85b1-84223ca9b932

MP3 ᠪᠢᠴᠢᠯᠭᠡ ︱ 《 ᠲᠣᠭᠳᠠᠬᠣ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

MP3 ᠪᠢᠴᠢᠯᠭᠡ ︱ 《 ᠲᠣᠭᠣᠯᠵᠢᠨ ᠠᠭᠣᠯᠠ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

MP4 ᠪᠢᠴᠢᠯᠭᠡ ︱ 《 ᠲᠣᠭᠳᠠᠬᠣ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

MP4 ᠪᠢᠴᠢᠯᠭᠡ ︱ 《 ᠲᠣᠭᠣᠯᠵᠢᠨ ᠠᠭᠣᠯᠠ 》 ︵ ᠢᠳᠡᠮᠵᠠᠪ  ᠡᠴᠡ ᠳᠠᠭᠣᠯᠠᠵᠣ ᠬᠦᠭᠵᠢᠮᠳᠡᠨ᠎ᠡ ︶

MP4 ᠪᠢᠴᠢᠯᠭᠡ

ᠰᠢᠭᠦᠮᠵᠢ ᠦᠯᠡᠳᠡᠭᠡᠬᠦ