• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠩᠭᠣᠯ ᠳᠥᠷᠪᠡᠨ ᠤᠲᠠᠰᠤᠲᠤ ᠬᠤᠭᠤᠷ ᠤᠨ ᠪᠠᠶᠠᠯᠢᠭ ᠠᠷᠭ᠎ᠠ ᠮᠡᠷᠭᠡᠵᠢᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   39
 • ᠄   0
 • ᠄   0
 • ᠄  0

ᠮᠣᠩᠭᠣᠯ ᠳᠥᠷᠪᠡᠨ ᠤᠲᠠᠰᠤᠲᠤ ᠬᠤᠭᠤᠷ ᠣᠨ ᠠᠯᠪᠡᠭ᠍ ᠪᠠᠶᠠᠯᠢᠭ ᠤᠷ᠎ᠠ ᠮᠡᠷᠭᠡᠵᠢᠯ

ᠮᠣᠩᠭᠣᠯ ᠳᠥᠷᠪᠡᠨ ᠤᠲᠠᠰᠤᠲᠤ ᠬᠤᠭᠤᠷ ᠪᠣᠯ ᠥᠨᠢ ᠤᠳᠠᠭᠠᠨ ᠲᠡᠦᠬᠡ  ᠲᠠᠢ ᠦᠨᠳᠦᠰᠦᠲᠡᠨ ᠦ ᠤᠯᠠᠮᠵᠢᠯᠠᠯᠲᠤ ᠣᠨ ᠨᠢᠭᠡ ᠪᠣᠯᠬᠣ ᠶᠣᠮ ᠃ ᠥᠷᠭᠡᠨ ᠣᠯᠠᠨ ᠮᠠᠯᠴᠢᠨ ᠲᠦᠮᠡᠨ ᠳᠡᠭᠡᠨ ᠲᠠᠭᠠᠯᠠᠭᠳᠠᠵᠤ ᠂ ᠲᠡᠳᠡᠨᠦᠰ ᠦᠨ ᠬᠠᠶᠢᠷ᠎ᠠ ᠰᠡᠳᠬᠢᠯᠭᠡ ᠵᠢ  ᠨᠢ ᠪᠤᠯᠢᠶᠠᠵᠤ ᠂ ᠬᠦᠨᠳᠦᠳᠬᠡᠯ ᠪᠢᠰᠢᠷᠡᠯ ᠢ  ᠨᠢ ᠣᠯᠣᠭᠰᠠᠭᠠᠷ ᠢᠷᠡᠭᠰᠡᠨ ᠪᠦᠭᠡᠳ ᠮᠣᠩᠭᠣᠯ ᠦᠨᠳᠦᠰᠦᠲᠡᠨ ᠦ ᠳᠠᠭᠤᠤ ᠬᠥ᠍ᠭ᠍ᠵᠢᠮ ᠦᠨ ᠲᠡᠦᠬᠡᠨ ᠳᠦ ᠴᠦ ᠳᠤᠲᠠᠭᠳᠠᠵᠤ ᠪᠣᠯᠣᠰᠢ ᠦᠭᠡᠢ ᠤᠷᠠᠯᠢᠭ ᠤᠨ ᠬᠤᠪᠢ ᠨᠡᠮᠷᠢ ᠪᠠᠨ ᠦᠵᠡᠭᠦᠯᠵᠦ ᠂ ᠰᠣᠶᠣᠯ ᠤᠨ ᠭᠡᠷᠡᠯ ᠭᠢᠯᠪᠠᠭ᠎ᠠ ᠪᠠᠨ ᠰᠠᠴᠤᠷᠠᠭᠤᠯᠤᠭᠰᠠᠭᠠᠷ ᠢᠷᠡᠭᠰᠡᠨ ᠶᠣᠮ ᠃

1. ᠵᠦᠪ ᠣᠨᠣᠪᠴᠢᠲᠠᠢ ᠬᠣᠭᠣᠷ ᠪᠠᠷᠢᠯᠭ᠎ᠠ

ᠬᠤᠭᠤᠷ ᠵᠶᠠᠨ ᠠᠳᠬᠤᠭᠠᠳ ᠰᠠᠭᠤᠬᠤ ᠳᠤ ᠪᠠᠰᠠ ᠵᠥᠪ ᠣᠨᠣᠪᠴᠢᠲᠠᠢ ᠰᠠᠭᠤᠳᠠᠯ ᠪᠠᠶᠢᠷᠢᠯᠠᠯ ᠢ ᠠᠷᠬᠢᠮᠯᠡᠳᠡᠭ ᠃ ᠮᠣᠩᠭᠣᠯ ᠳᠥᠷᠪᠡᠨ ᠤᠲᠠᠰᠤᠲᠤ ᠬᠤᠭᠤᠷ ᠢ ᠬᠤᠭᠤᠷᠳᠠᠬᠤ ᠦᠶ᠎ᠡ ᠳᠦ ᠵᠠᠪᠢᠯᠠᠵᠤ ᠰᠠᠭᠤᠬᠤ ᠪᠤᠶᠤ ᠰᠠᠨᠳᠠᠯᠢ ᠳᠡᠭᠡᠷ᠎ᠡ ᠰᠠᠭᠣᠨ ᠬᠦᠭᠵᠢᠮᠳᠡᠵᠣ ᠪᠦᠷ ᠪᠣᠯᠳᠠᠭ ᠃ ᠭᠡᠪᠡᠴᠦ ᠣᠳᠣᠬᠠᠨ ᠳᠤ ᠂ ᠣᠯᠠᠨᠭ᠍ᠬᠢ ᠪᠠᠶᠢᠳᠠᠯ ᠳᠣᠣᠷ᠎ᠠ ᠪᠦᠷ ᠰᠠᠨᠳᠠᠯᠢ ᠳᠡᠭᠡᠷ᠎ᠡ ᠰᠠᠭᠤᠵᠤ ᠬᠥᠭᠵᠢᠮᠳᠡᠬᠦ  ᠨᠢ ᠵᠥᠩᠳᠡᠭᠡᠨ ᠬᠠᠷᠠᠭᠳᠠᠳᠠᠭ ᠃ ᠬᠦᠭᠵᠢᠮᠳᠡᠭᠴᠢ ᠰᠠᠨᠳᠠᠯᠢ ᠳᠡᠭᠡᠷ᠎ᠡ ᠰᠠᠭᠤᠬᠤ ᠳᠠᠭᠠᠨ ᠰᠠᠨᠳᠠᠯᠢ ᠵᠢᠨ ᠭᠤᠷᠪᠠᠨ ᠤ ᠨᠢᠭᠡ ᠬᠤᠪᠢ ᠵᠢ ᠡᠵᠡᠯᠡᠨ ᠰᠠᠭᠣᠵᠣ ᠂ ᠵᠡᠭᠦᠨ ᠬᠥᠯ ᠵᠶᠡᠨ ᠤᠷᠤᠭᠰᠢ ᠲᠠᠯᠪᠢᠵᠤ ᠂ ᠵᠡᠭᠦᠨ ᠭᠤᠶ᠎ᠠ ᠳᠡᠭᠡᠷ᠎ᠡ ᠪᠠᠨ ᠬᠤᠭᠤᠷ ᠵᠶᠠᠨ ᠲᠡᠭᠰᠢᠬᠡᠨ ᠪᠠᠶᠢᠷᠢᠯᠠᠭᠤᠯᠵᠤ ᠂ ᠪᠠᠷᠠᠭᠤᠨ ᠬᠥᠯ ᠣᠨ ᠡᠪᠦᠳᠦᠭ ᠵᠶᠠᠨ ᠲᠡᠭᠰᠢ ᠥᠨᠴᠥᠭ ᠪᠣᠯᠭᠠᠵᠣ ᠂ ᠨᠢᠷᠤᠭᠤ ᠠᠰᠬᠠᠨ ᠂ ᠮᠥᠷᠥ ᠲᠡᠭᠰᠢ ᠂ ᠴᠡᠭᠡᠵᠢ ᠲᠡᠨᠢᠭᠦᠨ ᠂ ᠪᠡᠶ᠎ᠡ ᠴᠢᠯᠦᠭᠡᠲᠡᠢ ᠪᠥᠭᠡᠳ ᠪᠠᠲᠤ ᠰᠠᠭᠤᠷᠢᠲᠠᠢ ᠰᠠᠭᠤᠪᠠᠯ ᠣᠨᠣᠪᠴᠢᠲᠠᠢ ᠃

2. ᠰᠢᠨᠵᠢᠯᠡᠬᠦ ᠣᠬᠠᠭᠠᠨᠴᠢ ᠨᠣᠮᠣ ᠳᠠᠳᠠᠯᠭ᠎ᠠ

ᠬᠤᠭᠤᠷ ᠤᠨ ᠨᠤᠮᠤ ᠤᠨ ᠪᠠᠷᠢᠭᠤᠯ ᠤᠨ ᠤᠭ ᠢ ᠪᠠᠷᠠᠭᠤᠨ ᠭᠠᠷ ᠤᠨ ᠳᠣᠯᠣᠪᠣᠷ ᠬᠣᠷᠣᠭᠣ ᠪᠠ ᠠᠷᠡᠬᠡᠢ ᠬᠤᠷᠤᠭᠤᠨ ᠤ ᠬᠣᠭᠣᠷᠣᠨᠳᠣ ᠪᠠᠶᠢᠷᠢᠯᠠᠭᠤᠯᠵᠤ ᠂ ᠨᠤᠮᠤ ᠪᠠ ᠬᠦᠪᠴᠢ ᠵᠢ ᠬᠠᠮᠲᠤ  ᠳᠤᠨᠢ ᠠᠷᠬᠡᠰᠢᠶᠡᠨ᠎ᠡ ᠃ ᠨᠤᠮᠤ ᠲᠠᠲᠠᠵᠤ ᠲᠦᠯᠬᠢᠬᠦ ᠡᠴᠠ ᠠᠭᠦᠰᠦᠭᠰᠡᠨ ᠶᠠᠩᠵᠤ ᠪᠦᠷᠢ ᠵᠢᠨ ᠬᠥᠳᠡᠯᠭᠡᠭᠡᠨ ᠳᠦ ᠮᠥᠷᠥ ᠵᠢᠨ ᠬᠥᠳᠡᠯᠭᠡᠭᠡᠨ ᠂ ᠲᠣᠬᠣᠢ ᠵᠢᠨ ᠬᠥᠳᠡᠯᠭᠡᠭᠡᠨ ᠂ ᠪᠠᠭᠤᠤ ᠵᠢᠨ ᠬᠥᠳᠡᠯᠭᠡᠭᠡᠨ ᠵᠡᠷᠭᠡ ᠦᠨᠳᠦᠰᠦᠨ ᠮᠡᠷᠭᠡᠵᠢᠯ ᠦᠳ ᠪᠤᠢ ᠃ ᠠᠭᠦᠨ ᠳᠦ ᠲᠡᠭᠰᠢ ᠂ ᠵᠢᠭᠳᠡ ᠂ ᠲᠡᠩᠴᠡᠭᠦᠦ ᠪᠠᠶᠢᠬᠣ ᠭᠤᠷᠪᠠᠨ ᠵᠠᠷᠴᠢᠮ ᠢ ᠴᠢᠩᠭ᠎ᠠ ᠪᠠᠷᠢᠮᠳᠠᠯᠠᠬᠣ ᠬᠡᠷᠡᠭᠳᠡᠢ ᠃ ᠨᠣᠮᠣ ᠳᠠᠳᠠᠯᠭ᠎ᠠ ᠳ᠋ᠣ ᠬᠤᠪᠢᠶᠠᠷᠢᠲᠤ ᠨᠤᠮᠤ ᠂ ᠬᠣᠯᠪᠣᠭᠠᠰᠤᠲᠤ ᠨᠤᠮᠤ ᠂ ᠤᠷᠲᠤ ᠣᠬᠣᠷ ᠨᠣᠮᠣ ᠂ ᠣᠭᠵᠣᠮ ᠰᠡᠶᠢᠷᠡᠭ ᠨᠣᠮᠣ ᠂ ᠲᠣᠨᠭ᠍ᠭᠣᠷᠣᠣ ᠨᠤᠮᠤ ᠭᠡᠬᠦ ᠮᠡᠳᠣ ᠪᠤᠢ ᠂ ᠠᠳᠡᠭᠡᠷ ᠢ ᠪᠣᠳᠠᠳᠠᠢ ᠰᠣᠷᠬᠣ ᠶᠠᠪᠣᠴᠠ  ᠳᠠᠭᠠᠨ ᠠᠨᠭ᠍ᠬᠠᠷᠬᠣ ᠴᠢᠬᠣᠯᠠ  ᠲᠠᠢ ᠃

3. ᠣᠷᠠᠨ ᠳᠡᠮᠲᠠᠢ ᠬᠤᠭᠤᠷᠳᠠᠯᠭ᠎ᠠ

ᠬᠤᠭᠤᠷᠳᠠᠬᠤᠦᠶᠡᠰ ᠲᠦ ᠂ ᠵᠡᠭᠦᠨ ᠭᠠᠷ ᠣᠯᠠᠨ ᠠᠭᠦᠷᠭᠡ ᠭᠦᠢᠴᠡᠳᠬᠡᠳᠡᠭ ᠪᠠᠶᠢᠨ᠎ᠠ ᠂ ᠢᠯᠠᠩᠭᠤᠶ᠎ᠠ ᠬᠤᠭᠤᠷ ᠬᠥᠭᠵᠢᠮᠳᠡᠬᠦ ᠥᠪᠡᠷᠮᠢᠴᠡ ᠠᠷᠭ᠎ᠠ ᠡᠴᠠ ᠰᠢᠯᠳᠠᠭᠯᠠᠭᠳᠠᠵᠣ ᠂ ᠵᠡᠭᠦᠨ ᠭᠠᠷ ᠤᠨ ᠪᠠᠶᠢᠷᠢᠯᠠᠯ ᠪᠣᠯᠣᠨ ᠬᠤᠷᠤᠭᠤ ᠳᠠᠷᠤᠯᠲᠠ ᠂ ᠬᠤᠭᠤᠷ ᠤᠨ ᠨᠤᠮᠤ ᠵᠢᠨ ᠰᠣᠯᠢᠭᠳᠠᠯ ᠬᠢᠭᠡᠳ ᠬᠤᠭᠤᠷ ᠤᠨ ᠭᠠᠳᠠᠷ ᠳᠣᠲᠣᠷ ᠤᠲᠠᠰᠤ ᠰᠣᠯᠢᠬᠤ ᠵᠢᠨ ᠬᠣᠷᠳᠣᠴᠠ ᠵᠡᠷᠭᠡ ᠤᠷ᠎ᠠ ᠮᠡᠷᠭᠡᠰᠢᠯ  ᠨᠢ ᠠᠷᠬᠡᠪᠰᠢ ᠬᠠᠪᠤᠯᠢᠭ ᠰᠠᠶᠢᠬᠠᠨ ᠣᠶᠠᠯᠳᠣᠵᠣ ᠂ ᠰᠢᠭᠤᠳ ᠰᠢᠯᠤᠭᠤᠨ ᠂ ᠵᠢᠭᠳᠡ ᠴᠣᠪᠣᠭᠣᠯᠢᠭ ᠂ ᠤᠶᠠᠨ ᠬᠠᠳᠠᠨ ᠴᠢᠨᠠᠷ ᠲᠠᠢ ᠂ ᠤᠷᠠᠨ ᠰᠡᠷᠭᠡᠭ ᠪᠠᠶᠢᠬᠣ ᠬᠡᠷᠡᠭᠲᠡᠢ ᠃ ᠬᠤᠭᠤᠷ ᠳᠠᠷᠣᠯᠭ᠎ᠠ ᠳ᠋ᠣ ᠣᠯᠠᠨ ᠵᠦᠢᠯ ᠣᠨ ᠳᠠᠷᠣᠯᠭ᠎ᠠ ᠪᠣᠢ ᠃ ᠵᠢᠱᠢᠶᠡᠯᠡᠪᠡᠯ ᠄ ᠢᠰᠭᠡᠷᠣᠯᠳᠡ ᠳᠠᠷᠤᠯᠭ᠎ᠠ ᠂ ᠴᠤᠭᠤᠷ ᠳᠠᠷᠤᠯᠭ᠎ᠠ ᠂ ᠴᠤᠤᠷᠢᠶ᠎ᠠ ᠳᠠᠷᠤᠯᠭ᠎ᠠ ᠂ ᠨᠢᠰᠠᠯᠬᠣ ᠳᠠᠷᠤᠯᠭ᠎ᠠ ᠂ ᠴᠣᠬᠢᠯᠲᠠ ᠳᠠᠷᠤᠯᠭ᠎ᠠ ᠂ ᠴᠡᠴᠡᠷᠡᠯ ᠳᠠᠷᠤᠯᠭ᠎ᠠ ᠂ ᠭᠤᠯᠭᠤᠯᠲᠠ ᠳᠠᠷᠤᠯᠭ᠎ᠠ ᠵᠡᠷᠭᠡ ᠪᠤᠢ ᠂ ᠠᠳᠡᠭᠡᠷ ᠢ ᠪᠣᠳᠠᠳᠠᠢ ᠰᠣᠷᠬᠣ ᠶᠠᠪᠣᠴᠠ  ᠳᠠᠭᠠᠨ ᠠᠨᠭ᠍ᠬᠠᠷᠬᠣ ᠴᠢᠬᠣᠯᠠ  ᠲᠠᠢ ᠃

ᠮᠣᠩᠭᠣᠯ ᠳᠥᠷᠪᠡᠨ ᠤᠲᠠᠰᠤᠲᠤ ᠬᠤᠭᠤᠷ ︱ ᠮᠣᠩᠭᠣᠯ ᠦᠨᠳᠦᠰᠦᠲᠡᠨ ᠦ ᠤᠯᠠᠮᠵᠢᠯᠠᠯᠲᠤ ᠬᠦᠭᠵᠢᠮᠳᠡᠭᠦᠷ

1 2 3 4 5 6 7 8 9 10 11 12 13 14 15 16 17 18

MP4 ᠪᠢᠴᠢᠯᠭᠡ

MP3 ᠪᠢᠴᠢᠯᠭᠡ

ᠰᠢᠭᠦᠮᠵᠢ ᠦᠯᠡᠳᠡᠭᠡᠬᠦ