• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠬᠣᠷᠴᠢᠨ ︱ ᠭᠣᠷᠯᠣᠰ ᠣᠨ ᠬᠡᠪ ᠨᠠᠮᠪᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   37
 • ᠄   0
 • ᠄   0
 • ᠄  0

ᠬᠣᠷᠴᠢᠨ ︱ ᠭᠣᠷᠯᠣᠰ ᠣᠨ ᠬᠡᠪ ᠨᠠᠮᠪᠠ

ᠣᠷᠣᠨ ᠨᠤᠲᠤᠭ  ᠣᠨ ᠣᠨᠴᠠᠯᠢᠭ ᠪᠦᠬᠦᠢ ᠬᠡᠪ ᠨᠠᠮᠪᠠ

ᠮᠣᠩᠭᠣᠯ ᠳᠥᠷᠪᠡᠨ ᠤᠲᠠᠰᠤᠲᠤ ᠬᠤᠭᠤᠷ ᠣᠨ ᠣᠷᠣᠨ ᠨᠤᠲᠤᠭ ᠤᠨ ᠣᠨᠴᠠᠯᠢᠭ ᠢᠶᠠᠷ  ᠨᠢ ᠬᠣᠷᠴᠢᠨ ︱ ᠭᠣᠷᠯᠣᠰ ᠣᠨ ᠬᠡᠪ ᠨᠠᠮᠪᠠ ᠂ ᠣᠷᠳᠣᠰ ᠤᠨ ᠬᠡᠪ ᠨᠠᠮᠪᠠ ᠂ ᠰᠢᠯᠢᠨᠭᠭᠣᠣᠯ ︱ ᠴᠠᠬᠠᠷ ᠤᠨ ᠬᠡᠪ ᠨᠠᠮᠪᠠ ᠭᠡᠵᠣ ᠬᠤᠪᠢᠶᠠᠵᠤ ᠪᠣᠯᠳᠠᠭ ᠃

1.ᠬᠣᠷᠴᠢᠨ ︱ ᠭᠣᠷᠯᠣᠰ ᠣᠨ ᠬᠡᠪ ᠨᠠᠮᠪᠠ

ᠬᠣᠷᠴᠢᠨ ᠨᠤᠲᠤᠭ ᠪᠣᠯ ᠣᠯᠠᠨ ᠦᠨᠳᠦᠰᠦᠲᠡᠨ ᠦ ᠰᠣᠶᠣᠯ ᠬᠠᠷᠢᠯᠴᠠᠨ ᠠᠭᠤᠰᠤᠯᠴᠠᠵᠤ ᠂ ᠰᠢᠨ᠎ᠡ ᠰᠣᠶᠣᠯ ᠤᠨ ᠡᠭᠦᠳᠡᠨ ᠪᠦᠲᠦᠭᠡᠯᠲᠡ  ᠲᠠᠢ ᠣᠷᠣᠨ ᠪᠣᠯᠣᠨ᠎ᠠ ᠃ ᠡᠭᠦᠨ ᠳᠦ ᠤᠲᠠᠰᠤᠲᠤ ᠴᠤᠭᠤᠷ  ᠮᠣᠷᠢᠨ ᠬᠤᠭᠤᠷ  ᠳᠥᠷᠪᠡᠨ ᠤᠲᠠᠰᠤᠲᠤ ᠬᠤᠭᠤᠷ ᠬᠢᠭᠡᠳ ᠵᠡᠭᠦᠨ ᠬᠡᠰᠡᠭ ᠣᠨ ᠮᠣᠩᠭᠣᠯᠴᠤᠳ ᠤᠨ ᠳᠤᠮᠳᠠ ᠥᠷᠭᠡᠨ ᠬᠡᠪᠴᠢᠶ᠎ᠡ ᠪᠡᠷ ᠲᠠᠷᠬᠠᠨ ᠳᠡᠯᠭᠡᠷᠡᠭᠰᠡᠨ ᠬᠤᠭᠤᠷ ᠤᠨ ᠦᠯᠢᠭᠡᠷ  ᠨᠢ ᠬᠥᠮᠥᠰ ᠦᠨ ᠳᠤᠷ᠎ᠠ ᠪᠤᠯᠢᠶᠠᠮ᠎ᠠ ᠰᠢᠯᠢᠳᠡᠭ ᠤᠷᠠᠯᠢᠭ ᠤᠨ ᠬᠡᠯᠪᠡᠷᠢ ᠪᠣᠯᠵᠠᠢ ᠃ ᠬᠣᠷᠴᠢᠨ ᠤ ᠠᠷᠠᠳ ᠤᠨ ᠤᠷᠠᠯᠢᠭ ᠤᠨ ᠳᠣᠳᠣᠷᠠᠬᠢ ᠳᠥᠷᠪᠡᠨ ᠤᠲᠠᠰᠤᠲᠤ ᠬᠤᠭᠤᠷ ᠤᠨ ᠡᠯᠪᠡᠭ ᠪᠠᠶᠠᠯᠢᠭ ᠣᠨᠴᠠᠯᠢᠭ  ᠨᠢ ᠭᠠᠳᠠᠭᠠᠳᠤ ᠳᠣᠲᠣᠭᠠᠳᠤ   ᠳᠤ ᠠᠯᠳᠠᠷᠰᠢᠭᠰᠠᠨ ᠶᠤᠮ ᠃

ᠬᠣᠷᠴᠢᠨ ᠣ ᠳᠥᠷᠪᠡᠨ ᠤᠲᠠᠰᠤᠲᠤ ᠬᠤᠭᠤᠷ ᠤᠨ ᠬᠥᠭᠵᠢᠮ ᠦᠨ ᠨᠥᠯᠥᠭᠡ ᠲᠤᠰᠬᠠᠯ  ᠨᠢ ᠲᠡᠭᠦᠨ ᠦ ᠣᠷᠣᠨ ᠨᠣᠳᠣᠭ ᠤᠨ ᠠᠷᠠᠳ ᠤᠨ ᠳᠠᠭᠤᠤ ᠪᠤᠶᠤ ᠦᠯᠢᠭᠡᠷᠲᠦ ᠠᠷᠠᠳ ᠤᠨ ᠳᠠᠭᠤᠤ ᠶᠢᠨ ᠠᠶ᠎ᠠ ᠂ ᠦᠯᠢᠭᠡᠷ ᠦᠨ ᠠᠶ᠎ᠠ ᠂ ᠬᠣᠯᠪᠣᠭ᠎ᠠ ᠶᠢᠨ ᠠᠶ᠎ᠠ ᠵᠡᠷᠭᠡ ᠠᠷᠠᠳ ᠤᠨ ᠬᠥᠭᠵᠢᠮ ᠦᠨ ᠦᠨᠳᠦᠰᠦᠨ ᠳᠠᠷᠤᠯᠭ᠎ᠠ ᠶᠢᠨ ᠪᠠᠲᠤ ᠪᠡᠬᠢ ᠰᠠᠭᠤᠷᠢ ᠲᠠᠢ ᠪᠣᠯᠣᠭᠰᠠᠨ ᠳᠤ ᠣᠷᠣᠰᠢᠨ᠎ᠠ ᠃ ᠡᠭᠦᠨ ᠳᠦ ᠬᠤᠭᠤᠷ ᠳᠠᠷᠤᠯᠭ᠎ᠠ ᠶᠢᠨ ᠲᠠᠯ᠎ᠠ ᠪᠠᠷ ᠤᠳᠠᠭᠠᠯᠢᠭ ᠪᠥᠭᠡᠳ ᠤᠶᠠᠩᠭᠠᠯᠢᠭ ᠴᠢᠨᠠᠷ  ᠲᠠᠢ ᠂ ᠬᠦᠦᠷᠨᠢᠨ ᠲᠣᠭᠠᠴᠢᠭᠰᠠᠨ ᠬᠡᠪ ᠨᠠᠮᠪᠠ  ᠲᠠᠢ ᠂ ᠬᠠᠶᠢᠷ᠎ᠠ ᠰᠡᠳᠬᠢᠯᠭᠡ ᠪᠢᠯᠬᠠᠮ᠎ᠠ ᠂ ᠤᠷᠤᠰᠤᠮ᠎ᠠ ᠰᠠᠶᠢᠬᠠᠨ ᠠᠶ᠎ᠠ ᠲᠠᠨᠭ᠍  ᠲᠠᠢ ᠂ ᠠᠶᠢᠵᠠᠮ ᠴᠣᠬᠢᠯᠭ᠎ᠠ ᠳᠣᠳᠣ ᠪᠠᠶᠢᠳᠠᠭ ᠪᠡᠷ ᠢᠶᠠᠨ ᠪᠣᠰᠣᠳ ᠣᠷᠣᠨ  ᠡᠴᠡ ᠢᠯᠭᠠᠭᠳᠠᠬᠣ ᠬᠡᠪ ᠨᠠᠮᠪᠠ  ᠲᠠᠢ ᠪᠣᠯᠵᠠᠢ ᠃

ᠬᠣᠷᠢᠳᠤᠭᠠᠷ ᠵᠠᠭᠤᠨ ᠤ ᠭᠤᠴᠢᠭᠠᠳ ᠣᠨ ᠤ ᠦᠶ᠎ᠡ ᠳᠦ ᠂ ᠬᠣᠷᠴᠢᠨ ᠨᠤᠲᠤᠭ ᠲᠤ ᠳᠥᠷᠪᠡᠨ ᠤᠲᠠᠰᠤᠲᠤ ᠬᠤᠭᠤᠷ ᠤᠨ ᠶᠡᠬᠡ ᠪᠠᠭᠰᠢ ᠰᠦᠨ ᠯᠢᠶᠠᠩ ᠬᠢᠭᠡᠳ ᠲᠡᠭᠦᠨ ᠦ ᠬᠤᠭᠤᠷ ᠤᠨ ᠤᠷᠠᠯᠢᠭ ᠤᠨ ᠤᠷᠤᠰᠬᠠᠯ ᠤᠨ ᠨᠥᠯᠥᠭᠡ ᠡᠴᠡ ᠪᠣᠯᠵᠤ ᠬᠥᠭᠵᠢᠮᠳᠡᠬᠦ ᠤᠷ᠎ᠠ ᠮᠡᠷᠭᠡᠰᠢᠯ   ᠡᠴᠡ  ᠨᠢ ︽ ᠴᠢᠩᠭ᠎ᠠ ᠲᠠᠲᠠᠯᠭ᠎ᠠ ᠪᠠᠷ ᠡᠬᠢᠯᠡᠬᠦ ︾ ︽ ᠤᠳᠠᠭᠠᠨ ᠨᠤᠮᠤ ᠪᠠᠷ ᠲᠦᠷᠭᠡᠨ ᠬᠡᠯᠬᠢᠶᠡᠷᠡᠭᠦᠯᠦᠨ ᠬᠥᠭᠵᠢᠮᠳᠡᠬᠦ ︾ ᠵᠡᠷᠭᠡ ᠭᠣᠣᠯ ᠣᠨᠴᠠᠯᠢᠭ ᠢ ᠬᠠᠳᠠᠭᠠᠯᠠᠭᠰᠠᠨ ᠴᠡᠪᠡᠷ ᠲᠤᠩᠭᠠᠯᠠᠭ ᠭᠠᠩᠭᠠᠨ ᠴᠡᠭᠡᠯᠬᠡᠨ ᠦᠨᠳᠦᠷ ᠬᠦᠭ ᠣᠨ ᠬᠤᠭᠤᠷ ᠤᠨ ᠣᠨᠴᠠᠯᠢᠭ ᠢ ᠪᠤᠢ ᠪᠣᠯᠭᠠᠭᠰᠠᠨ ᠶᠤᠮ ᠃

ᠭᠣᠷᠯᠣᠰ ᠤᠨ ᠮᠣᠩᠭᠣᠯ ᠳᠥᠷᠪᠡᠨ ᠤᠲᠠᠰᠤᠲᠤ ᠬᠤᠭᠤᠷ ᠤᠨ ᠡᠬᠢ ᠰᠣᠷᠪᠣᠯᠵᠢ  ᠨᠢ ᠬᠣᠷᠴᠢᠨ ᠳᠤ ᠪᠤᠢ ᠃ ᠡᠭᠦᠨ ᠳᠦ ᠬᠣᠷᠢᠳᠤᠭᠠᠷ ᠵᠠᠭᠤᠨ ᠤ ᠲᠠᠪᠢᠭᠠᠳ ᠣᠨ ᠤ ᠦᠶᠡᠰ ᠂ ᠠᠯᠳᠠᠷᠲᠤ ᠴᠠᠩᠭᠢᠨᠠᠮ᠎ᠠ ᠬᠦᠭ᠍ ᠣᠨ ᠬᠤᠭᠤᠷ ᠤᠨ ᠬᠥᠭᠵᠢᠮᠴᠢᠨ ᠰᠦᠮᠠ ᠨᠢᠰᠠᠯᠬᠤ ᠂ ᠴᠣᠬᠢᠬᠤ ᠂ ᠳᠠᠷᠤᠬᠤ ᠂ ᠭᠣᠬᠠᠳᠠᠬᠤ ᠵᠡᠷᠭᠡ ᠤᠷ᠎ᠠ ᠮᠡᠷᠭᠡᠰᠢᠯ ᠢ ᠡᠭᠦᠳᠦᠨ ᠭᠠᠷᠭᠠᠭᠰᠠᠨ ᠠᠴᠠ ᠂ ᠡᠨᠡ  ᠨᠢ ᠲᠡᠭᠦᠨ ᠣ ᠤᠷᠠᠯᠢᠭ ᠤᠨ ᠭᠣᠣᠯ ᠣᠨᠴᠠᠯᠢᠭ  ᠨᠢ ᠪᠣᠯᠣᠭᠰᠠᠨ ᠢᠶᠠᠷ ᠪᠠᠷᠠᠬᠤ ᠦᠭᠡᠢ ᠭᠣᠷᠯᠣᠰ ᠤᠨ ᠬᠡᠪ ᠨᠠᠮᠪᠠ ᠬᠡᠮᠡᠨ ᠠᠯᠳᠠᠷᠰᠢᠪᠠ ᠃

 

 ᠵᠢᠷᠤᠭ

1

 

 

 

 

2-1 2 3 4 5 6 7 8 9 10 11 12 13 14 15 16 17 18 19 20 21 22 23 24 25 26 27 28 29 30 31 32 33 34 36 37 38 39 40 41 42

MP4 ᠪᠢᠴᠢᠯᠭᠡ ︱ ᠭᠣᠷᠯᠣᠰ ᠬᠠᠮᠳᠣᠯᠢᠭ ︽ ᠵᠠᠮ ᠵᠠᠮᠨᠠᠭᠰᠠᠨ  ᠨᠢ ︾

MP4 ᠪᠢᠴᠢᠯᠭᠡ ︱ ᠪᠦᠸᠸ ᠸᠠᠩ ᠬᠠᠮᠲᠤᠯᠢᠭ ︽ ᠬᠣᠷᠴᠢᠨ ᠠᠷᠠᠳ ᠤᠨ ᠳᠠᠭᠤᠤ ᠶᠢᠨ ᠬᠡᠯᠬᠢᠶ᠎ᠡ ᠠᠶ᠎ᠠ ︾

MP3 ᠪᠢᠴᠢᠯᠭᠡ ︱ ᠭᠣᠷᠯᠣᠰ ᠬᠠᠮᠳᠣᠯᠢᠭ ︽ ᠵᠠᠮ ᠵᠠᠮᠨᠠᠭᠰᠠᠨ  ᠨᠢ ︾

MP3 ᠪᠢᠴᠢᠯᠭᠡ ︱ ᠪᠦᠸᠸ ᠸᠠᠩ ᠬᠠᠮᠲᠤᠯᠢᠭ ︽ ᠬᠣᠷᠴᠢᠨ ᠠᠷᠠᠳ ᠤᠨ ᠳᠠᠭᠤᠤ ᠶᠢᠨ ᠬᠡᠯᠬᠢᠶ᠎ᠡ ᠠᠶ᠎ᠠ ︾

ᠰᠢᠭᠦᠮᠵᠢ ᠦᠯᠡᠳᠡᠭᠡᠬᠦ