• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦᠶᠦᠭᠡ ︱ 《 ᠦᠯᠢᠭᠡᠷ ᠲᠣᠣᠯᠢ 》
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   47
 • ᠄   0
 • ᠄   0
 • ᠄  0

《 ᠦᠯᠢᠭᠡᠷ ᠲᠤᠤᠯᠢ 》

ᠠᠶ᠎ᠠ ᠵᠣᠬᠢᠶᠠᠭᠴᠢ ᠄ ᠯᠢ ᠱᠢ ᠰᠢᠶᠠᠨᠭ᠍   ᠵᠣᠬᠢᠶᠠᠭᠴᠢ  ᠡᠴᠡ ᠦᠯᠢᠭᠡᠷ ᠣᠨ ᠠᠶ᠎ᠠ ᠶᠢᠨ ᠬᠣᠯᠪᠣᠴᠠᠳᠣ ᠴᠣᠭᠴᠠ ᠶᠢᠨ ᠬᠡᠯᠪᠡᠷᠢ ᠪᠡᠷ ᠂ ᠳᠠᠶᠢᠨ ᠪᠠᠶᠢᠯᠳᠣᠭᠠᠨ ᠣ  ᠰᠡᠳᠦᠪ ᠮᠠᠲ᠋ᠸᠷᠢᠶᠠᠯ ᠣᠨ ᠳᠣᠮᠳᠠ  ᠡᠴᠡ ᠬᠠᠮᠣᠭ ᠲᠦᠯᠦᠭᠡᠯᠡᠬᠦ ᠴᠢᠨᠠᠷ  ᠲᠠᠢ ᠬᠡᠳᠣᠨ ᠲᠠᠯᠠᠪᠣᠷ ︱《 ᠡᠬᠢᠯᠡᠯᠳᠡ 》᠂  《 ᠮᠡᠳᠡᠭᠡ ᠵᠠᠨᠭ᠍ᠬᠢ ᠬᠦᠷᠭᠡᠬᠦ 》᠂《 ᠲᠣᠯᠣᠯᠳᠣᠭᠠᠨ 》᠂《 ᠳᠠᠶᠢᠯᠭ᠎ᠠ 》《 ᠢᠯᠠᠯᠳᠠ  ᠲᠠᠢ ᠪᠡᠷ ᠪᠣᠴᠠᠬᠣ  》ᠵᠡᠷᠭᠡ ᠶᠢ ᠰᠣᠨᠭ᠍ᠭᠣᠨ ᠂ ᠠᠣᠭ᠎ᠠ ᠶᠡᠬᠡ ᠪᠠᠶᠢᠯᠳᠣᠭᠠᠨ ᠣ ᠲᠠᠯᠠᠪᠣᠷ ᠢ ᠰᠣᠨᠣᠰᠣᠭᠴᠢᠳ ᠣᠨ ᠡᠮᠦᠨ᠎ᠡ ᠳᠡᠯᠭᠡᠭᠰᠡᠨ ᠪᠠᠶᠢᠨ᠎ᠠ ᠃

1.《 ᠡᠬᠢᠯᠡᠯᠳᠡ 》ᠬᠡᠰᠡᠭ  ᠨᠢ ᠦᠯᠢᠭᠡᠷ ᠡᠬᠢᠯᠡᠬᠦ ᠶᠢ ᠨᠡᠶᠢᠳᠡᠯᠡᠵᠦ ᠂ ᠶᠠᠭ ᠯᠡ ᠨᠢᠭᠡᠨ ᠦᠯᠢᠭᠡᠷᠴᠢᠨ ᠣ ᠠᠣᠭ᠎ᠠ  ᠰᠦᠷ ᠢᠶᠠᠨ ᠮᠠᠨᠳᠦᠭᠣᠯᠵᠣ ᠂ ᠠᠯᠭᠣᠷ ᠠᠭᠠᠵᠢᠮ ᠢᠶᠠᠷ ᠠᠯᠢ ᠡᠷᠳᠡᠨ ᠣ ᠦᠯᠢᠭᠡᠷ ᠳᠣᠮᠣᠭ ᠢ ᠶᠠᠷᠢᠵᠣ ᠪᠠᠶᠢᠬᠣ ᠮᠡᠳᠣ ᠃

2.《 ᠮᠡᠳᠡᠭᠡ ᠵᠠᠨᠭ᠍ᠬᠢ ᠬᠦᠷᠭᠡᠬᠦ 》ᠬᠡᠰᠡᠭ  ᠨᠢ ᠂ ᠨᠢᠭᠡᠨ ᠪᠠᠶᠢᠯᠳᠣᠭᠴᠢ ᠶᠢᠨ ᠬᠣᠷᠳᠣᠨ ᠮᠣᠷᠢᠨ ᠳ᠋ᠣ ᠲᠠᠰᠢᠭᠣᠷ ᠨᠡᠮᠡᠨ ᠂ ᠴᠡᠷᠢᠭ ᠣᠨ ᠴᠡᠴᠡᠷ ᠲᠣ ᠠᠮᠵᠢᠨ ᠬᠦᠷᠴᠦ ᠂ ᠪᠠᠴᠢᠮ ᠮᠡᠳᠡᠭᠡ ᠬᠦᠷᠭᠡᠵᠦ ᠪᠠᠶᠢᠭ᠎ᠠ ᠮᠡᠳᠣ ᠃ ᠲᠣᠰ ᠬᠡᠰᠡᠭ ᠲᠣ ᠂ 《ᠪᠠᠶᠢᠯᠳᠣᠭᠠᠨ ᠣ ᠪᠠᠶᠢᠳᠠᠯ ᠪᠠᠴᠢᠮ ᠲᠦᠭᠰᠢᠭᠦᠷᠢᠲᠠᠢ》ᠪᠠᠶᠢᠭ᠎ᠠ ᠪᠠᠶᠢᠳᠠᠯ ᠢ ᠢᠯᠡᠳᠭᠡᠵᠦ ᠭᠠᠷᠭᠠᠭᠰᠠᠨ ᠪᠠᠶᠢᠨ᠎ᠠ ᠃

3.《 ᠲᠣᠯᠣᠯᠳᠣᠭᠠᠨ 》 ᠣ ᠬᠡᠰᠡᠭ  ᠨᠢ ᠂ ᠮᠣᠷᠢᠨ ᠲᠣᠭᠣᠷᠠᠢ ᠶᠢᠨ ᠲᠠᠴᠢᠬᠢᠨᠠᠬᠣ ᠳᠠᠭᠣ ᠂ ᠪᠠᠶᠢᠯᠳᠣᠭᠠᠨ ᠣ  ᠬᠡᠨᠭᠭᠡᠷᠭᠡ ᠶᠢᠨ ᠨᠦᠵᠢᠬᠢᠨᠡᠬᠦ ᠳᠠᠭᠣ ᠂ ᠵᠢᠳᠡ ᠰᠡᠯᠡᠮ᠎ᠡ   ᠶᠢᠨ ᠬᠠᠷᠰᠢᠯᠳᠣᠬᠣ ᠳᠠᠭᠣ ᠃ ᠬᠣᠶᠠᠷ ᠡᠳᠡᠭᠡᠳ ᠣᠨ ᠴᠡᠷᠢᠭ ᠣᠨ  ᠦᠬᠦᠨ ᠲᠡᠮᠡᠴᠡᠯᠳᠣᠵᠦ ᠪᠠᠶᠢᠭ᠎ᠠ ᠪᠠᠶᠢᠯᠳᠣᠭᠠᠨ  ᠣ ᠬᠠᠷᠠᠰᠠᠯᠳᠣ ᠲᠠᠯᠠᠪᠦᠷ  ᠢ ᠳᠡᠯᠭᠡᠭᠰᠡᠨ ᠪᠠᠶᠢᠪᠠ ᠃

4.《 ᠲᠠᠶᠢᠯᠭ᠎ᠠ 》 ᠦᠷᠡᠭᠳᠡᠭᠰᠡᠳ ᠣᠨ ᠰᠦᠨᠡᠰᠦ ᠶᠢ ᠲᠠᠬᠢᠨ ᠂ ᠠᠮᠢᠳᠦᠷᠠᠭᠰᠠᠳ  ᠭᠠᠰᠢᠭᠣᠳᠠᠯ  ᠣᠨ ᠰᠡᠳᠭᠢᠯ ᠢᠶᠠᠨ  ᠢᠯᠡᠳᠭᠡᠨ᠎ᠡ ᠃ ᠲᠣᠰ ᠬᠡᠰᠡᠭ ᠣᠨ ᠠᠶ᠎ᠠ  ᠨᠢ ᠬᠡᠰᠡᠭ ᠲᠠᠰᠣᠷᠠᠵᠣ ᠬᠡᠰᠡᠭ ᠦᠷᠭᠦᠯᠵᠢᠯᠡᠨ ᠂ ᠣᠶᠠᠷᠠᠵᠣ ᠪᠠᠶᠢᠬᠣ ᠴᠣ ᠰᠢᠭ  ᠦᠭᠦᠯᠡᠵᠦ ᠪᠠᠶᠢᠬᠣ ᠴᠣ ᠰᠢᠭ ᠂ ᠪᠠᠶᠢᠨ ᠪᠠᠶᠢᠨ ᠪᠦᠷᠢᠶ᠎ᠡ ᠪᠠ ᠨᠣᠮ ᠣᠨᠭ᠍ᠰᠢᠬᠣ ᠴᠢᠮᠡᠭᠡ ᠲᠣᠭᠣᠯᠳᠠᠨ᠎ᠠ ᠃

5.《 ᠢᠯᠠᠯᠳᠠ  ᠲᠠᠢ ᠪᠡᠷ ᠪᠣᠴᠠᠬᠣ 》ᠦᠷᠯᠦᠭᠴᠢᠳ ᠣᠨ ᠳᠠᠶᠢᠰᠣᠨ ᠢᠶᠠᠨ ᠳᠠᠷᠣᠵᠣ ᠂ ᠳᠠᠷᠬᠠᠨ ᠴᠣᠯᠠ ᠢᠶᠠᠨ  ᠮᠠᠨᠳᠣᠭᠣᠯᠵᠣ ᠂ ᠪᠣᠷᠣ ᠭᠡᠷ ᠲᠡᠭᠡᠨ ᠪᠣᠴᠠᠨ ᠢᠷᠡᠭᠰᠡᠨ ᠪᠠᠶᠠᠷ ᠪᠠᠶᠠᠰᠬᠣᠯᠠᠨᠭ᠍ᠳᠣ ᠲᠠᠯᠠᠪᠦᠷ  ᠢ ᠳᠡᠯᠭᠡᠭᠰᠡᠨ ᠪᠠᠶᠢᠨ᠎ᠠ ᠃   ᠰᠦᠶᠦᠭᠡ ᠂ ᠲᠣᠰ ᠠᠶ᠎ᠠ ᠶᠢ ᠬᠦᠭᠵᠢᠮᠳᠡᠭᠰᠡᠨ  ᠨᠢ ᠣᠷ᠎ᠠ ᠮᠡᠭᠡᠵᠢᠯ ᠢᠶᠠᠷ ᠣᠨᠴᠠ ᠪᠣᠯᠪᠠᠰᠣᠷᠠᠨᠭ᠍ᠭᠣᠢ ᠂ ᠣᠷ᠎ᠠ ᠮᠡᠷᠭᠡᠵᠢᠯ    ᠣᠨ ᠬᠦᠴᠢᠷᠳᠡᠯ   ᠢ ᠳᠠᠪᠠᠵᠣ ᠴᠢᠳᠠᠭᠰᠠᠨ ᠮᠦᠷᠳᠡᠭᠡᠨ ᠰᠡᠳᠭᠢᠯᠭᠡ ᠶᠢᠨ ᠬᠣᠪᠢᠷᠠᠯ ᠢ ᠨᠠᠷᠢᠯᠢᠭ ᠢᠯᠡᠷᠡᠭᠦᠯᠵᠦ ᠂ ᠮᠣᠨᠭ᠍ᠭᠣᠯ  ᠦᠨᠳᠦᠰᠦᠳᠡᠨ ᠣ ᠳᠠᠭᠣᠣ ᠬᠦᠭᠵᠢᠮ ᠣᠨ ᠦᠨᠦᠷ ᠠᠮᠳᠠ ᠪᠠ ᠭᠠᠵᠠᠷ ᠣᠷᠣᠨ ᠣ ᠣᠨᠴᠠᠯᠢᠭ ᠵᠢᠴᠢ ᠵᠦᠴᠦᠭᠡᠯᠢᠭ ᠴᠢᠨᠠᠷ  ᠪᠣᠯᠣᠨ ᠲᠣᠣᠯᠢᠯᠢᠭ ᠴᠢᠨᠠᠷ ᠢ ᠣᠶᠠᠯᠳᠣᠭᠣᠯᠣᠭᠰᠠᠨ ᠪᠦᠬᠦᠯᠢ ᠴᠣᠭᠴᠠᠳᠣ ᠳᠠᠭᠣᠣ ᠬᠦᠭᠵᠢᠮ ᠣᠨ ᠬᠡᠪ ᠨᠠᠮᠪᠠ ᠶᠢ  ᠣᠨᠣᠪᠴᠢᠳᠠᠢ ᠡᠵᠡᠮᠰᠢᠵᠣ ᠴᠢᠳᠠᠭᠰᠠᠨ ᠪᠠᠶᠢᠨ᠎ᠠ ᠃ ᠢᠯᠠᠨᠭ᠍ᠭᠣᠶ᠎ᠠ《 ᠲᠠᠶᠢᠯᠭ᠎ᠠ 》 ᠳᠡᠬᠢ ᠭᠠᠰᠢᠭᠣᠳᠠᠯ ᠣᠨ ᠠᠭᠠᠵᠢᠮ  ᠴᠣᠬᠢᠯᠭ᠎ᠠ ᠶᠢ ᠰᠢᠢᠳᠪᠦᠷᠢᠯᠡᠭᠰᠡᠨ  ᠨᠢ ᠣᠶᠠᠨ ᠰᠡᠳᠭᠢᠯᠭᠡ  ᠲᠠᠢ ᠮᠦᠷᠳᠡᠭᠡᠨ ᠨᠠᠷᠢᠯᠢᠭ ᠪᠠᠶᠢᠵᠤ ᠂ ᠬᠦᠮᠦᠰ ᠣᠨ ᠳᠣᠳᠣᠭᠠᠳᠣ  ᠰᠡᠳᠭᠢᠯᠭᠡ ᠶᠢ ᠭᠦᠨ ᠬᠦᠨᠳᠡᠵᠣ ᠴᠢᠳᠠᠭᠰᠠᠨ ᠪᠢᠯᠡ ᠃

ᠵᠠᠯᠠᠭᠣ ᠬᠦᠭᠵᠢᠮᠴᠢᠨ ︱ ᠰᠦᠶᠦᠭᠡ

default2015-12-08-036cc211a7-1d82-4f3f-891d-1f4f887a605f

ᠵᠢᠷᠤᠭ

7 8 9 10 11 12 13 14 15 16 18 19 20 21 22 23 24 25 27 28 29 30 1 2 3 4 5 6

《 ᠦᠯᠢᠭᠡᠷ ᠲᠤᠤᠯᠢ 》

《 ᠦᠯᠢᠭᠡᠷ ᠲᠤᠤᠯᠢ 》

ᠰᠢᠭᠦᠮᠵᠢ ᠦᠯᠡᠳᠡᠭᠡᠬᠦ