• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦᠶᠦᠭᠡ ︱ ᠲᠠᠨᠢᠯᠴᠠᠭᠤᠯᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   49
 • ᠄   0
 • ᠄   0
 • ᠄  0

ᠰᠦᠶᠦᠭᠡ  ᠶᠢᠨ ᠡᠪᠦᠭᠡ ᠳᠡᠭᠡᠳᠦᠰ   ᠣᠨ ᠨᠣᠲᠣᠭ  ᠨᠢ ᠬᠡᠰᠢᠭᠳᠡᠨ ᠬᠣᠰᠢᠭᠣᠨ   ᠣ ᠳᠠᠯᠠᠢ ᠨᠠᠭᠣᠷ ᠣᠨ ᠬᠦᠪᠡᠭᠡ ᠃ ᠲᠡᠷᠡ  ᠣᠯᠠᠭᠠᠨᠬᠠᠳᠠ ᠬᠣᠳᠠ ᠶᠢᠨ ᠨᠢᠭᠡᠨ ᠰᠡᠭᠡᠭᠡᠳᠡᠨ ᠣ ᠭᠡᠷ ᠲᠣ ᠵᠠᠶᠠᠭᠠᠵᠠᠢ ᠃ ᠵᠣᠣ ᠣᠳᠠ ᠶᠢᠨ ᠳᠠᠯ᠎ᠠ ᠨᠣᠳᠣᠭ ᠣᠨ ᠡᠯᠪᠡᠭ  ᠪᠠᠶᠠᠯᠢᠭ ᠠᠷᠠᠳ ᠣᠨ ᠰᠣᠶᠣᠯ ᠣᠨ ᠨᠦᠯᠦᠭᠡ ᠪᠠ ᠮᠣᠨᠭ᠍ᠭᠣᠯ ᠦᠨᠳᠦᠰᠦᠳᠡᠨ ᠣ ᠠᠷᠠᠳ ᠣᠨ ᠳᠠᠭᠣᠣ ᠪᠦᠵᠢᠭ ᠲᠣ ᠬᠠᠯᠠᠭᠣᠨ  ᠬᠠᠶᠢᠷᠠᠳᠠᠢ ᠠᠪᠣ ᠡᠵᠢ  ᠶᠢᠨ ᠠᠨᠭ᠍ᠬᠠᠨ ᠣ ᠵᠢᠯᠣᠭᠣᠳᠣᠯᠭ᠎ᠠ ᠵᠡᠷᠭᠡ  ᠡᠴᠡ ᠂ ᠲᠡᠷᠡ ᠪᠠᠭ᠎ᠠ  ᠡᠴᠡ ᠪᠠᠨ ᠳᠠᠭᠣᠣ ᠬᠦᠭᠵᠢᠮ ᠳ᠋ᠣ  ᠣᠨᠴᠠ ᠳᠣᠷᠠᠳᠠᠢ ᠪᠦᠭᠡᠳ ᠠᠪᠢᠶᠠᠰ  ᠲᠠᠢ ᠪᠢᠯᠡ ᠃ ᠵᠢᠷᠭᠣᠭᠠᠨ ᠨᠠᠰᠣᠨ  ᠡᠴᠡ ᠪᠠᠨ ᠡᠬᠢᠯᠡᠨ ᠬᠣᠶᠠᠷ ᠣᠳᠠᠰᠣᠳᠣ ᠬᠣᠭᠣᠷ  ᠂ ᠳᠦᠷᠪᠡᠨ ᠣᠳᠠᠰᠣᠳᠣ ᠬᠣᠭᠣᠷ ᠵᠡᠷᠭᠡ ᠠᠷᠠᠳ  ᠣᠨ ᠬᠦᠭᠵᠢᠮ ᠣᠳ ᠢ ᠰᠣᠷᠴᠣ ᠂ ᠠᠷᠪᠠᠨ ᠭᠣᠷᠪᠠᠨ ᠨᠠᠰᠣᠳᠠᠢ  ᠣᠯᠠᠭᠠᠨᠬᠠᠳᠠ ᠬᠣᠳᠠ ᠶᠢᠨ ᠣᠷᠠᠯᠢᠭ ᠶᠢᠨ ᠰᠣᠷᠭᠠᠭᠣᠯᠢ ᠳ᠋ᠣ ᠡᠯᠰᠡᠭᠳᠡᠨ ᠣᠷᠣᠵᠣ ᠂ ᠳᠦᠷᠪᠡᠨ ᠣᠳᠠᠰᠣᠳᠣ ᠬᠣᠭᠣᠷ   ᠢ  ᠵᠢᠨᠭᠭᠢᠨᠢ ᠰᠣᠷᠣᠭᠰᠠᠨ ᠪᠠᠶᠢᠨ᠎ᠠ ᠃ 1999 ᠣᠨ ᠳ᠋ᠣ ᠦᠪᠦᠷ ᠮᠣᠨᠭ᠍ᠭᠣᠯ ᠣᠨ ᠶᠡᠬᠡ ᠰᠣᠷᠭᠠᠭᠣᠯᠢ ᠶᠢᠨ ᠣᠷᠠᠯᠢᠭ ᠣᠨ  ᠳᠡᠭᠡᠳᠣ ᠰᠣᠷᠭᠠᠭᠣᠯᠢ ᠳ᠋ᠣ ᠰᠢᠯᠭᠠᠨ ᠣᠷᠣᠵᠣ ᠂ ᠳᠦᠷᠪᠡᠨ ᠣᠳᠠᠰᠣᠳᠣ ᠬᠣᠭᠣᠷ ᠣᠨ ᠠᠯᠳᠠᠷᠳᠣ ᠰᠣᠷᠭᠠᠨ  ᠬᠦᠮᠦᠵᠢᠭᠦᠯᠦᠭᠴᠢ ᠵᠣᠣ ᠱᠣᠸᠠᠨᠭ᠍ ᠬᠣ ᠪᠠᠭᠰᠢ  ᠡᠴᠡ ᠳᠦᠷᠪᠡᠨ ᠣᠳᠠᠰᠣᠳᠣ ᠬᠣᠭᠣᠷ ᠢᠶᠠᠨ ᠣᠯᠠᠮ ᠭᠦᠨᠵᠡᠭᠡᠶᠢᠷᠡᠨ  ᠰᠣᠷᠣᠯᠴᠠᠭᠰᠠᠨ ᠶᠤᠮ ᠃ 2003 ᠣᠨ ᠳ᠋ᠣ ᠰᠢᠯᠢᠳᠡᠭ ᠬᠢᠷᠢ ᠪᠦᠳᠦᠮᠵᠢ ᠢᠶᠠᠷ ᠰᠣᠷᠣᠯᠭ᠎ᠠ ᠪᠠᠨ ᠲᠡᠭᠦᠰᠭᠡᠵᠦ ᠂ ᠰᠣᠷᠭᠠᠭᠣᠯᠢ   ᠳᠠᠭᠠᠨ ᠦᠯᠡᠳᠡᠨ ᠪᠠᠭᠰᠢᠯᠠᠪᠠ ᠃ ᠣᠳᠣ ᠲᠡᠷᠡ ᠲᠣᠰ ᠰᠣᠷᠭᠠᠭᠣᠯᠢ ᠶᠢᠨ ᠠᠷᠠᠳ ᠣᠨ ᠬᠦᠭᠵᠢᠮ ᠰᠣᠳᠣᠯᠬᠣ ᠠᠯᠪᠠᠨ ᠭᠡᠷ    ᠣᠨ ᠳᠦᠷᠪᠡᠨ ᠣᠳᠠᠰᠣᠳᠣ ᠬᠣᠭᠣᠷ   ᠣᠨ ᠲᠣᠰᠬᠠᠢ ᠮᠡᠷᠭᠡᠵᠢᠯ ᠣᠨ ᠪᠠᠭᠰᠢ ᠂ ᠦᠪᠦᠷ ᠮᠣᠨᠭ᠍ᠭᠣᠯ ᠣᠨ ᠳᠠᠭᠣᠣ  ᠬᠦᠭᠵᠢᠮᠴᠢᠳ ᠣᠨ ᠨᠡᠶᠢᠭᠡᠮᠯᠢᠭ ᠣᠨ ᠭᠡᠰᠢᠭᠦᠨ ᠂ ᠦᠪᠦᠷ ᠮᠣᠨᠭ᠍ᠭᠣᠯ ᠣᠨ ᠵᠠᠯᠠᠭᠣᠴᠣᠳ ᠣᠨ ᠬᠣᠯᠪᠣᠭᠠᠨ ᠣ ᠭᠡᠰᠢᠭᠦᠨ ᠂  ᠦᠪᠦᠷ ᠮᠣᠨᠭ᠍ᠭᠣᠯ ᠣᠨ ᠳᠦᠷᠪᠡᠨ ᠣᠳᠠᠰᠣᠳᠣ ᠬᠣᠭᠣᠷ ᠣᠨ ᠨᠡᠶᠢᠭᠡᠮᠯᠢᠭ ᠣᠨ ᠪᠠᠶᠢᠨᠭ᠍ᠭᠣ ᠬᠡᠷᠡᠭ ᠡᠷᠬᠢᠯᠡᠭᠴᠢ ᠵᠡᠷᠭᠡ  ᠲᠣᠰᠬᠠᠶᠢᠯᠠᠭᠰᠠᠨ ᠠᠵᠢᠯ ᠪᠠ ᠨᠡᠶᠢᠭᠡᠮ ᠣᠨ ᠠᠵᠢᠯ ᠡᠭᠦᠷᠭᠡ ᠶᠢ ᠭᠦᠴᠡᠳᠭᠡᠵᠦ ᠪᠣᠢ ᠃

ᠨᠢᠭᠡ ᠂ ᠣᠯᠠᠨ  ᠡᠴᠡ ᠣᠷᠣᠶᠢᠯᠠᠭᠰᠠᠨ《ᠪᠠᠭ᠎ᠠ ᠬᠣᠭᠣᠷᠴᠢ 》

ᠰᠦᠶᠦᠭᠡ ᠳᠠᠭᠣᠣ ᠬᠦᠭᠵᠢᠮ ᠳᠣ ᠰᠠᠶᠢᠨ ᠠᠪᠢᠶᠠᠰ ᠪᠢᠯᠢᠭ  ᠲᠠᠢ ᠃ ᠰᠣᠷᠣᠭᠴᠢ ᠪᠠᠶᠢᠬᠣ  ᠳᠠᠭᠠᠨ ᠬᠢᠷᠢ ᠪᠦᠳᠦᠮᠵᠢ  ᠨᠢ  ᠣᠨᠴᠠ ᠰᠠᠶᠢᠨ ᠢᠶᠠᠷ ᠪᠠᠷᠠᠬᠣ ᠦᠭᠡᠢ ᠂ ᠣᠷᠠᠯᠢᠭ ᠣᠨ ᠲᠠᠪᠴᠠᠨᠭ᠍  ᠲᠠᠢ ᠡᠬᠢᠯᠡᠨ ᠨᠢᠭᠣᠷ ᠵᠣᠯᠭᠠᠵᠣ ᠂ ᠣᠳᠠᠭ᠎ᠠ ᠳᠠᠷᠠᠭ᠎ᠠ  ᠪᠠᠷ  ᠱᠠᠨᠭ᠍ᠨᠠᠯ ᠬᠦᠷᠳᠡᠨ ᠂ ᠬᠦᠮᠦᠰ ᠣᠨ ᠠᠨᠭ᠍ᠬᠠᠷᠣᠯ  ᠢ ᠳᠠᠳᠠᠬᠣ ᠪᠣᠯᠪᠠ ᠃

1997 ᠣᠨ ᠳ᠋ᠣ 16 ᠨᠠᠰᠣᠳᠠᠢ ᠳᠣᠮᠳᠠᠳᠣ ᠵᠡᠷᠭᠡ ᠶᠢᠨ ᠲᠣᠰᠬᠠᠢ ᠮᠡᠷᠭᠡᠵᠢᠯ ᠣᠨ ᠰᠣᠷᠣᠭᠴᠢ ᠰᠦᠶᠦᠭᠡ ᠂ ᠦᠪᠡᠷᠳᠡᠭᠡᠨ  ᠵᠠᠰᠠᠬᠣ ᠣᠷᠣᠨ  ᠣ ᠶᠡᠬᠡ ᠂ ᠳᠣᠮᠳᠠᠳᠣ ᠵᠡᠷᠭᠡ ᠶᠢᠨ ᠲᠣᠰᠬᠠᠢ ᠮᠡᠷᠭᠡᠵᠢᠯ   ᠣᠨ ᠣᠷᠠᠯᠢᠭ ᠣᠨ ᠰᠣᠷᠭᠠᠭᠣᠯᠢ ᠶᠢᠨ ᠬᠠᠷᠢᠭᠣ  ᠮᠡᠳᠡᠭᠦᠯᠦᠯᠳᠡ ᠶᠢᠨ ᠲᠣᠭᠯᠠᠯᠳᠠ ᠳ᠋ᠣ ᠳᠦᠷᠪᠡᠨ ᠣᠳᠠᠰᠣᠳᠣ ᠬᠣᠭᠣᠷ ᠣᠨ ᠬᠣᠶᠠᠳᠣᠭᠠᠷ ᠳᠡᠰ  ᠣᠨ ᠱᠠᠨᠭ᠍ᠨᠠᠯ   ᠢ ᠬᠦᠷᠳᠡᠪᠡ ᠃ ᠲᠡᠭᠦᠨ ᠣ ᠪᠣᠯᠪᠠᠰᠣᠷᠠᠨᠭ᠍ᠭᠣᠢ ᠣᠷ᠎ᠠ ᠮᠡᠷᠭᠡᠵᠢᠯ ᠂ ᠢᠯᠭᠣᠮ ᠳᠣᠳᠣ ᠢᠯᠡᠳᠭᠡᠬᠦ ᠴᠢᠳᠠᠪᠦᠷᠢ ᠵᠡᠷᠭᠡ  ᠨᠢ ᠬᠢᠨᠠᠭᠴᠢ ᠪᠠ  ᠦᠵᠡᠭᠴᠢ ᠣᠯᠡᠨ ᠣ ᠲᠠᠭᠠᠰᠢᠶᠠᠯ  ᠢ ᠣᠯᠵᠣ ᠂ ᠡᠭᠦᠨ  ᠡᠴᠡ ᠲᠡᠷᠡ ᠦᠪᠦᠷ ᠮᠣᠨᠭ᠍ᠭᠣᠯ ᠣᠨ ᠣᠷᠠᠯᠢᠭ ᠣᠨ ᠲᠠᠪᠴᠠᠨᠭ᠍ ᠳ᠋ᠣ  ᠣᠯᠠᠨ  ᠡᠴᠡ ᠣᠷᠣᠶᠢᠯᠠᠵᠣ ᠭᠠᠷᠴᠣ ᠢᠷᠡᠭᠰᠡᠨ ᠪᠠᠶᠢᠨ᠎ᠠ ᠃

2000 ᠣᠨ ᠳ᠋ᠣ ᠂ ᠶᠡᠬᠡ ᠰᠣᠷᠭᠠᠭᠣᠯᠢ ᠶᠢᠨ ᠨᠢᠭᠡᠳᠦᠭᠡᠷ ᠣᠨ ᠣ ᠰᠣᠷᠣᠭᠴᠢ ᠰᠦᠶᠦᠭᠡ ᠂ ᠲᠣᠰᠬᠠᠢ ᠮᠡᠷᠭᠡᠵᠢᠯ ᠣᠨ  ᠬᠢᠷᠢ ᠬᠡᠮᠵᠢᠶ᠎ᠡ ᠪᠠᠷ ᠦᠨᠳᠦᠷ ᠦᠪᠡᠷᠳᠡᠭᠡᠨ ᠵᠠᠰᠠᠬᠣ ᠣᠷᠣᠨ ᠣ ᠬᠣᠶᠠᠳᠣᠭᠠᠷ ᠬᠣᠭᠣᠴᠠᠭᠠᠨ ᠣ ᠡᠩ  ᠣᠨ ᠲᠠᠭᠤᠤ ᠬᠦᠭᠵᠢᠮ   ᠣᠨ ᠣᠷᠣᠯᠳᠣᠭᠠᠨ ᠳ᠋ᠣ ᠂ ᠭᠣᠷᠪᠠᠳᠣᠭᠠᠷ ᠳᠡᠰ  ᠣᠨ ᠱᠠᠨᠭ᠍ᠨᠠᠯ   ᠢ ᠣᠯᠪᠠ ᠃ ᠬᠣᠶᠠᠷ ᠂ ᠱᠠᠨᠭ᠍ᠨᠠᠯ ᠣᠯᠠᠨ ᠬᠦᠷᠳᠡᠭᠰᠡᠨ ᠰᠠᠶᠢᠬᠠᠨ ᠵᠠᠯᠠᠭᠣ ᠬᠦᠭᠵᠢᠮᠴᠢᠨ

2004 ᠣᠨ ᠣ 8 ᠰᠠᠷ᠎ᠠ ᠳ᠋ᠣ ᠂ ᠳᠣᠮᠳᠠᠳᠣ ᠣᠯᠣᠰ ᠣᠨ ᠪᠠᠶᠠᠨ ᠬᠣᠭᠣᠷ ᠣᠨ ᠪᠦᠳᠦᠭᠡᠯ ᠣᠨ ᠪᠦᠬᠦ ᠣᠯᠣᠰ ᠣᠨ  ᠣᠷᠣᠯᠳᠣᠭᠠᠨ ᠳ᠋ᠣ ᠂ ᠬᠦᠭᠵᠢᠮ ᠣᠨ ᠨᠠᠶᠢᠵᠠ  ᠲᠠᠢ ᠪᠠᠨ ᠬᠠᠮᠳᠣ ᠂ ᠵᠠᠯᠠᠭᠣᠴᠣᠳ ᠣᠨ ᠳᠣᠭᠣᠶᠢᠯᠠᠨᠭ᠍ ᠣᠨ ᠬᠣᠣᠰᠯᠠᠯ  ᠬᠦᠭᠵᠢᠮ  ᠣᠨ ᠨᠢᠭᠡᠳᠦᠭᠡᠷ ᠳᠡᠰ   ᠣᠨ ᠱᠠᠨᠭ᠍ᠨᠠᠯ  ᠢ ᠬᠦᠷᠳᠡᠪᠡ ︔ ᠵᠠᠯᠭᠠᠭᠠᠳ ᠂ ᠠᠷᠪᠠᠳᠣᠭᠠᠷ ᠬᠣᠭᠣᠴᠠᠭᠠᠨ ᠣ ᠪᠡᠭᠡᠵᠢᠨᠭ  ᠳ᠋ᠣ ᠪᠣᠯᠣᠭᠰᠠᠨ《ᠳᠡᠯᠡᠬᠡᠢ ᠶᠢᠨ ᠪᠠᠶᠠᠨ ᠬᠣᠭᠣᠷ ᠣᠨ ᠣᠷᠣᠯᠳᠣᠭᠠᠨ》ᠳ᠋ᠣ ᠡᠩ  ᠣᠨ ᠲᠠᠭᠤᠤ ᠬᠦᠭᠵᠢᠮ   ᠣᠨ ᠳᠦᠷᠪᠡᠨ  ᠣᠳᠠᠰᠣᠳᠦ ᠬᠣᠭᠣᠷ ᠵᠢᠠᠷ ᠭᠣᠣᠯᠯᠠᠨ ᠬᠦᠭᠵᠢᠮᠳᠡᠭᠰᠡᠨ 《ᠤᠨᠴᠠᠭᠠᠢ ᠱᠠᠨᠭ᠍ᠨᠠᠯ》 ᠢ ᠣᠯᠪᠠ ᠃

2004 ᠣᠨ ᠣ 12 ᠰᠠᠷ᠎ᠠ ᠳ᠋ᠣ ᠂《ᠠᠨᠭ᠍ᠬᠠᠳᠣᠭᠠᠷ ᠬᠣᠭᠣᠴᠠᠭᠠᠨ ᠣ ᠦᠪᠦᠷ ᠮᠣᠨᠭ᠍ᠭᠣᠯ ᠣᠨ ᠦᠨᠳᠦᠰᠦᠳᠡᠨ ᠣ  ᠬᠦᠭᠵᠢᠮ ᠣᠨ ᠣᠷᠣᠯᠳᠣᠭᠠᠨ》 ᠣ ᠨᠢᠭᠡᠳᠦᠭᠡᠷ ᠳᠡᠰ ᠣᠨ ᠱᠠᠨᠭ᠍ᠨᠠᠯ ᠢ ᠣᠯᠪᠠ ᠃

2005 ᠣᠨ ᠣ 5 ᠰᠠᠷ᠎ᠠ ᠳ᠋ᠣ ᠂ ᠳᠣᠮᠳᠠᠳᠣ ᠣᠯᠣᠰ ᠣᠨ ᠰᠣᠶᠣᠯ ᠣᠷᠠᠯᠢᠭ ᠣᠨ ᠵᠠᠰᠠᠭ ᠣᠨ ᠣᠷᠳᠣᠨ ᠣ ᠱᠠᠨᠭ᠍ᠨᠠᠯ ︱  ᠰᠣᠶᠣᠯ ᠣᠷᠠᠯᠢᠭ ᠣᠨ ᠳᠡᠭᠡᠳᠣ ᠰᠣᠷᠭᠠᠭᠣᠯᠢ ᠶᠢᠨ ᠱᠠᠨᠭ᠍ᠨᠠᠯ ︱ ᠬᠣᠶᠠᠳᠣᠭᠠᠷ ᠬᠣᠭᠣᠴᠠᠭᠠᠨ ᠣ ᠴᠦᠬᠡᠨ ᠲᠣᠭᠠᠳᠣ  ᠦᠨᠳᠦᠰᠦᠳᠡᠨ ᠣ ᠬᠦᠭᠵᠢᠮ ᠣᠨ ᠣᠷᠣᠯᠳᠣᠭᠠᠨ ᠳ᠋ᠣ ᠂ ᠴᠦᠬᠡᠨ ᠲᠣᠭᠠᠳᠣ ᠦᠨᠳᠦᠰᠦᠳᠡᠨ ᠣ ᠣᠨᠴᠠᠯᠢᠭᠲᠣ ᠬᠦᠭᠵᠢᠮ ᠣᠨ  ᠬᠦᠷᠡᠯ ᠮᠸᠲ᠋ᠠᠯ ᠣᠯᠪᠠ ᠃

2007 ᠣᠨ 8 ᠰᠠᠷ᠎ᠠ ᠳ᠋ᠣ ᠂ ᠶᠢᠰᠦᠳᠦᠭᠡᠷ ᠬᠣᠭᠣᠴᠠᠭᠠᠨ ᠣ ᠵᠠᠯᠠᠭᠣᠴᠣᠳ ᠣᠨ ᠡᠪᠯᠡᠯ ᠣᠨ ᠲᠦᠪ ᠬᠣᠷᠢᠶᠠᠨ ᠣ  ᠣᠶᠣᠨ ᠣ ᠪᠣᠯᠪᠠᠰᠣᠨ ᠣ ᠪᠦᠳᠦᠭᠡᠨ ᠪᠠᠶᠢᠭᠣᠯᠣᠯᠳᠠ ᠶᠢᠨ《ᠲᠠᠪᠣᠨ ᠨᠢᠭᠡ ᠶᠢᠨ ᠢᠨᠵᠸᠨᠸᠷᠢᠨᠭ 》 ᠣᠨ ᠵᠠᠯᠠᠭᠣ ᠰᠢᠯᠢᠳᠡᠭ  ᠰᠣᠶᠣᠯ ᠣᠨ ᠰᠢᠨ᠎ᠡ ᠬᠦᠮᠦᠨ ᠪᠠᠷ ᠨᠡᠷ᠎ᠡ ᠳᠣᠷᠠᠳᠣᠭᠳᠠᠪᠠ ᠃

2007 ᠣᠨ ᠣ 10 ᠰᠠᠷ᠎ᠠ ᠳ᠋ᠣ ᠂ ᠭᠣᠷᠪᠠᠳᠣᠭᠠᠷ ᠬᠣᠭᠣᠴᠠᠭᠠᠨ ᠣ ᠦᠪᠦᠷ ᠮᠣᠨᠭ᠍ᠭᠣᠯ ᠣᠨ ᠡᠩ  ᠣᠨ ᠲᠠᠭᠤᠤ  ᠬᠦᠭᠵᠢᠮ ᠣᠨ ᠣᠷᠣᠯᠳᠣᠭᠠᠨ ᠳ᠋ᠣ ᠂ ᠲᠡᠭᠦᠨ ᠣ ᠭᠣᠣᠯᠯᠠᠨ ᠬᠦᠭᠵᠢᠮᠳᠡᠭᠰᠡᠨ《ᠶᠡᠬᠡ ᠣᠷᠳᠣᠨ ᠣ ᠪᠠᠶᠠᠷ ᠣᠨ ᠶᠣᠰᠣᠯᠠᠯ》 ᠨᠢ  ᠠᠷᠠᠳ ᠣᠨ ᠬᠣᠣᠰᠯᠠᠯ ᠬᠦᠭᠵᠢᠮ ᠣᠨ ᠨᠢᠭᠡᠳᠦᠭᠡᠷ ᠳᠡᠰ ᠣᠨ ᠱᠠᠨᠭ᠍ᠨᠠᠯ ᠢ ᠬᠦᠷᠳᠡᠪᠡ ᠃

2006 ᠣᠨ ᠣ 10 ᠰᠠᠷ᠎ᠠ ᠳ᠋ᠣ ᠂ ᠠᠨᠭ᠍ᠬᠠᠳᠣᠭᠠᠷ ᠬᠣᠭᠣᠴᠠᠭᠠᠨ ᠣ ᠨᠠᠢᠮᠠᠨ ᠮᠣᠵᠢ ᠣᠷᠣᠨ ᠣ ᠳᠦᠷᠪᠡᠨ ᠣᠳᠠᠰᠣᠳᠣ  ᠬᠣᠭᠣᠷ ᠣᠨ ᠷᠠᠳᠢᠣ᠋ ᠲᠸᠯᠸᠢᠰ ᠣᠨ ᠣᠷᠣᠯᠳᠣᠭᠠᠨ ᠳ᠋ᠣ ᠮᠡᠷᠭᠡᠵᠢᠯ ᠣᠨ ᠳᠣᠭᠣᠶᠢᠯᠠᠨᠭ᠍ ᠣᠨ ᠨᠢᠭᠡᠳᠦᠭᠡᠷ ᠳᠡᠰ ᠣᠨ ᠱᠠᠨᠭ᠍ᠨᠠᠯ ᠪᠠ  ᠦᠵᠡᠭᠴᠢᠳ ᠲᠣ ᠬᠠᠮᠣᠭ ᠲᠠᠭᠠᠯᠠᠭᠳᠠᠭᠰᠠᠨ ᠱᠠᠨᠭ᠍ᠨᠠᠯ ᠣᠯᠪᠠ ᠃ ᠲᠠᠭᠦᠨ ᠣ ᠵᠣᠬᠢᠶᠠᠨ ᠪᠠᠶᠢᠭᠣᠯᠣᠭᠰᠠᠨ ᠪᠠ ᠵᠢᠯᠣᠭᠣᠳᠣᠭᠰᠠᠨ  ᠰᠣᠷᠣᠭᠴᠢ ᠶᠢᠨ《ᠰᠣᠶᠣᠯᠴᠢᠨ》ᠪᠠ《ᠭᠦ᠍ᠨᠭᠭᠡᠷ》ᠬᠠᠮᠳᠣᠯᠢᠭ ᠪᠠᠰᠠ ᠮᠡᠷᠭᠡᠵᠢᠯ ᠣᠨ ᠳᠣᠭᠣᠶᠢᠯᠠᠨᠭ᠍ ᠣᠨ ᠬᠣᠶᠠᠷ ᠪᠠ  ᠭᠣᠷᠪᠠᠳᠣᠭᠠᠷ ᠳᠡᠰ ᠣᠨ ᠱᠠᠨᠭ᠍ᠨᠠᠯ   ᠢ ᠣᠯᠪᠠ ᠃

ᠭᠣᠷᠪᠠ ᠂ ᠪᠢᠴᠢᠬᠠᠨ ᠪᠦᠷᠭᠦᠳ ᠵᠢᠭᠦᠷ ᠢᠶᠠᠨ ᠳᠡᠯᠭᠡᠨ ᠪᠠᠷᠳᠠᠭᠠᠳᠣ ᠬᠠᠯᠢᠯ ᠢᠶᠠᠷ ᠳᠡᠭᠦᠯᠢᠨᠡᠮ ᠴᠦᠬᠡᠨ ᠳᠣᠭᠠᠳᠣ ᠦᠨᠳᠦᠰᠦᠳᠡᠨ ᠣ ᠬᠦᠭᠵᠢᠮ ᠣᠨ ᠬᠦᠷᠢᠶᠡᠨ᠎ᠡ ᠂ ᠣᠷᠠᠯᠢᠭ ᠣᠨ ᠣᠷᠭᠢᠯ ᠳ᠋ᠣ ᠲᠠᠰᠣᠷᠠᠯᠳᠠ ᠦᠭᠡᠢ ᠠᠪᠠᠷᠢᠨ  ᠂ ᠠᠯᠳᠡᠷ ᠴᠣᠯᠠ ᠪᠠᠨ ᠵᠠᠯᠭᠠᠭ᠎ᠠ ᠮᠠᠨᠳᠣᠭᠣᠯᠣᠭᠰᠠᠨ ᠰᠦᠶᠦᠭᠡ ᠂ ᠦᠪᠡᠷᠳᠡᠭᠡᠨ ᠵᠠᠰᠠᠬᠣ ᠣᠷᠣᠨ ᠣ ᠳᠣᠳᠣᠨ᠎ᠠ ᠭᠠᠳᠠᠨᠠᠬᠢ  ᠰᠣᠨᠢᠨ ᠮᠡᠳᠡᠭᠡ ᠵᠡᠷᠭᠡ ᠵᠠᠭᠣᠴᠢ ᠶᠢᠨ ᠠᠨᠭ᠍ᠬᠠᠷᠣᠯ ᠢ ᠣᠨᠴᠣᠭᠣᠢ ᠳᠠᠳᠠᠵᠣ ᠂ ᠲᠡᠭᠦᠨ ᠣ ᠲᠡᠷᠡᠬᠦ ᠪᠣᠷᠣᠭᠵᠢᠭᠣᠨ ᠪᠦᠭᠡᠳ  ᠭᠦᠨ ᠰᠡᠳᠭᠢᠯᠭᠡ  ᠲᠠᠢ ᠬᠦᠭᠵᠢᠮᠳᠡᠬᠦ ᠣᠷᠠᠯᠢᠭ  ᠨᠢ ᠂ ᠣᠯᠣᠰ ᠣᠨ ᠳᠣᠳᠣᠭᠠᠳᠣ ᠶᠢᠨ ᠳᠠᠭᠣᠣ ᠬᠦᠭᠵᠢᠮ ᠣᠨ ᠲᠠᠪᠴᠠᠨᠭ᠍ ᠪᠠ  ᠰᠣᠨᠢᠨ ᠮᠡᠳᠡᠭᠡ ᠵᠡᠷᠭᠡ ᠵᠠᠭᠣᠴᠢ ᠳᠡᠭᠡᠷ᠎ᠡ ᠦᠷᠭᠦᠯᠵᠢ ᠬᠠᠷᠠᠭᠳᠠᠳᠠᠭ ᠪᠣᠯᠣᠭᠰᠠᠨ ᠶᠣᠮ ᠃

2001 ᠣᠨ  ᠡᠴᠡ ᠡᠬᠢᠯᠡᠵᠦ ᠣᠷᠢᠳ ᠬᠣᠵᠢᠳ ᠲᠡᠷᠡ ᠂ ᠲᠦᠪ ᠣᠨ ᠲᠸᠯᠸᠢᠰ ᠬᠣᠷᠢᠶᠠᠨ ᠣ《ᠣᠶᠠᠨᠭ᠍ᠭᠠᠲᠠᠢ ᠰᠠᠶᠢᠬᠠᠨ  ᠣᠯᠣᠰ ᠣᠨ ᠬᠦᠭᠵᠢᠮ》《ᠲᠠᠪᠣᠨ ᠲᠢᠪ ᠣᠨ ᠬᠠᠮᠳᠣ ᠶᠢᠨ ᠪᠠᠶᠠᠷ》《ᠴᠣᠭ ᠪᠢᠯᠢᠭᠳᠣ ᠳᠣᠮᠳᠠᠳᠣ ᠶᠢᠨ  ᠬᠦᠭᠵᠢᠮ》ᠵᠡᠷᠭᠡ ᠪᠣᠯᠣᠨᠭ᠍ ᠳᠡᠭᠡᠷ᠎ᠡ ᠭᠣᠴᠣᠯᠠᠯ ᠬᠦᠭᠵᠢᠮ 《ᠠᠳᠣᠭᠣᠴᠢᠨ ᠵᠠᠯᠠᠭᠣ》 ᠂《ᠦᠯᠢᠭᠡᠷ ᠲᠣᠣᠯᠢ》 ᠂  ᠳᠦᠷᠪᠡᠨ ᠣᠳᠠᠰᠣᠳᠣ ᠬᠣᠭᠣᠷ ᠪᠠ ᠱᠣᠳᠣᠷᠭᠣ ᠶᠢᠨ ᠬᠣᠣᠰᠯᠠᠯ《ᠦᠯᠢᠭᠡᠷ ᠣᠨ ᠠᠶ᠎ᠠ》ᠵᠢᠴᠢ ᠮᠣᠨᠭ᠍ᠭᠣᠯ  ᠦᠨᠳᠦᠰᠦᠳᠡᠨ ᠣ ᠣᠷᠳᠣᠨ ᠣ ᠬᠦᠭᠵᠢᠮ ᠣᠨ ᠬᠠᠮᠳᠣᠷᠠᠯ ᠳ᠋ᠣ ᠭᠣᠣᠯᠯᠠᠨ ᠬᠦᠭᠵᠢᠮᠳᠡᠭᠰᠡᠨ ᠫᠷᠣᠭ᠍ᠷᠠᠮ ᠵᠡᠷᠭᠡ ᠶᠢ ᠰᠢᠨᠭᠭᠡᠭᠡᠨ  ᠨᠡᠪᠳᠡᠷᠡᠭᠦᠯᠦᠭᠰᠡᠨ ᠶᠣᠮ ᠃

2005 ᠣᠨ ᠳ᠋ᠣ 《ᠪᠡᠭᠡᠵᠢᠨᠭ  ᠳᠡᠬᠢ ᠳᠡᠯᠡᠬᠡᠢ ᠶᠢᠨ ᠣᠳᠣ ᠦᠶ᠎ᠡ ᠶᠢᠨ ᠳᠠᠭᠣᠣ ᠬᠦᠭᠵᠢᠮ ᠣᠨ ᠨᠠᠶᠢᠷ》ᠲᠣ  ᠣᠷᠢᠭᠳᠠᠨ ᠣᠷᠣᠯᠴᠠᠵᠣ ᠂ ᠲᠦᠪ ᠣᠨ ᠳᠠᠭᠣᠣ ᠬᠦᠭᠵᠢᠮ ᠣᠨ ᠳᠡᠭᠡᠳᠣ ᠰᠣᠷᠭᠠᠭᠣᠯᠢ ᠶᠢᠨ ᠳᠠᠭᠣᠣ ᠬᠦᠭᠵᠢᠮ ᠣᠨ ᠲᠢᠨᠭᠬᠢᠮ ᠂ ᠲᠦᠪ ᠣᠨ ᠦᠨᠳᠦᠰᠦᠳᠡᠨ ᠣ ᠶᠡᠬᠡ ᠰᠣᠷᠭᠠᠭᠣᠯᠢ ᠶᠢᠨ ᠳᠠᠭᠣᠣ ᠬᠦᠭᠵᠢᠮ ᠣᠨ ᠲᠢᠨᠭᠬᠢᠮ ᠵᠡᠷᠭᠡ ᠭᠠᠵᠠᠷ ᠲᠣ ᠲᠣᠰᠬᠠᠶᠢᠯᠡᠨ  ᠳᠦᠷᠪᠡᠨ ᠣᠳᠠᠰᠣᠳᠣ ᠬᠣᠭᠣᠷ ᠣᠨ ᠳᠠᠭᠣᠣ ᠬᠦᠭᠵᠢᠮ ᠣᠨ ᠴᠣᠭᠯᠠᠭᠠᠨ ᠢ ᠶᠠᠪᠣᠭᠣᠯᠣᠭᠰᠠᠨ ᠪᠠᠶᠢᠨ᠎ᠠ ᠃ ᠡᠭᠦᠨ ᠣ ᠬᠠᠮᠳᠣ  ᠰᠦᠶᠦᠭᠡ ᠂ ᠨᠡᠶᠢᠰᠯᠡᠯ ᠣᠨ ᠠᠳᠠᠯᠢ ᠪᠣᠰᠣ ᠬᠡᠯᠪᠡᠷᠢ ᠶᠢᠨ ᠳᠠᠭᠣᠣ ᠬᠦᠭᠵᠢᠮ ᠣᠨ ᠲᠠᠪᠴᠠᠨᠭ᠍ ᠳ᠋ᠣ ᠪᠠᠰᠠ ᠪᠠᠶᠢᠨ ᠪᠠᠶᠢᠨ  ᠬᠠᠷᠠᠭᠳᠠᠯ  ᠲᠠᠢ ᠃

2004 ᠣᠨ  ᠡᠴᠡ ᠡᠬᠢᠯᠡᠵᠦ ᠂ ᠶᠡᠬᠡ ᠰᠣᠷᠭᠠᠭᠣᠯᠢ ᠪᠠᠨ ᠲᠡᠭᠦᠰᠦᠭᠡᠭᠡᠳ ᠨᠢᠭᠡ ᠵᠢᠯ ᠪᠣᠯᠣᠭ᠎ᠠ ᠦᠭᠡᠢ ᠰᠦᠶᠦᠭᠡ ᠂  ᠣᠷᠢᠯᠭ᠎ᠠ ᠪᠡᠷ ᠣᠷᠢᠳ ᠬᠣᠵᠢᠳ ᠠᠮᠸᠷᠢᠺᠠ ᠂ ᠶᠠᠫᠣᠨ ᠳ᠋ᠣ ᠣᠴᠢᠵᠣ ᠂ ᠠᠳᠠᠯᠢ ᠪᠣᠰᠣ ᠬᠡᠯᠪᠡᠷᠢ ᠶᠢᠨ ᠰᠣᠶᠣᠯ ᠣᠷᠠᠯᠢᠭ ᠣᠨ  ᠰᠣᠯᠢᠯᠴᠠᠭᠠᠨ ᠣ ᠲᠣᠭᠯᠠᠯᠳᠠ ᠭᠠᠷᠭᠠᠭᠰᠠᠨ ᠪᠠᠶᠢᠨ᠎ᠠ ︔ 2007 ᠣᠨ ᠣ 4 ᠰᠠᠷ᠎ᠠ ᠳ᠋ᠣ ᠂ ᠦᠪᠦᠷ ᠮᠣᠨᠭ᠍ᠭᠣᠯ ᠣᠨ  ᠵᠠᠯᠠᠭᠣᠴᠣᠳ ᠣᠨ ᠬᠣᠯᠪᠣᠭᠠᠨ ᠣ ᠭᠡᠰᠢᠭᠦᠨ ᠂ ᠶᠡᠬᠡ ᠳᠣᠷᠭᠠᠭᠣᠯᠢ ᠶᠢᠨ ᠰᠢᠯᠢᠳᠡᠭ ᠵᠠᠯᠠᠭᠣ ᠪᠠᠭᠰᠢ  ᠶᠢᠨ ᠬᠣᠪᠢ ᠪᠡᠷ ᠂  ᠵᠠᠯᠠᠭᠣᠴᠣᠳ ᠣᠨ ᠡᠪᠯᠡᠯ ᠣᠨ ᠲᠦᠪ ᠬᠣᠷᠢᠶᠠᠨ ᠣ ᠲᠦᠯᠦᠭᠡᠯᠡᠭᠴᠢᠳ ᠣᠨ ᠪᠦᠯᠬᠦᠮ ᠢ ᠳᠠᠭᠠᠵᠣ ᠺᠣᠷᠢᠶᠠ ᠣᠯᠣᠰ ᠢᠶᠠᠷ  ᠠᠶᠢᠯᠴᠢᠯᠠᠭᠰᠠᠨ ᠮᠦᠷᠳᠡᠭᠡᠨ ᠰᠣᠯᠢᠯᠴᠠᠭᠠᠨ ᠣ ᠲᠣᠭᠯᠠᠯᠳᠠ ᠭᠠᠷᠭᠠᠪᠠ ᠃ ᠲᠣᠬᠠᠢ ᠶᠢᠨ ᠦᠶ᠎ᠡ ᠳ᠋ᠣ ᠶᠠᠭ ᠰᠠᠶ᠋ᠢᠬᠠᠨ ᠸᠸᠨ  ᠵᠢᠶᠠ ᠪᠣᠣ ᠶᠡᠷᠦᠨᠭᠬᠡᠢ ᠰᠠᠶᠢᠳ ᠺᠣᠷᠢᠶᠠ ᠣᠯᠣᠰ ᠲᠣ ᠣᠯᠣᠰ ᠣᠨ ᠶᠠᠪᠣᠳᠠᠯ ᠣᠨ ᠠᠶᠢᠯᠴᠢᠯᠠᠯᠠᠳᠠ ᠬᠢᠵᠦ ᠪᠠᠶᠢᠭᠰᠠᠨ  ᠲᠠᠢ  ᠲᠣᠬᠢᠶᠠᠯᠳᠣᠭᠰᠠᠨ  ᠡᠴᠡ ᠂ ᠺᠣᠷᠢᠶᠠ ᠣᠯᠣᠰ ᠣᠨ ᠬᠠᠭᠠᠨ ᠣ ᠣᠷᠳᠣᠨ ᠳ᠋ᠣ ᠸᠸᠨ ᠵᠢᠶᠠ ᠪᠣᠣ ᠶᠡᠷᠦᠨᠭᠬᠡᠢ ᠰᠠᠶᠢᠳ ᠪᠠ  ᠺᠣᠷᠢᠶᠠ ᠣᠯᠣᠰ ᠣᠨ ᠶᠡᠷᠦᠨᠭᠬᠡᠢ ᠰᠠᠶᠢᠳ  ᠲᠠᠢ ᠵᠣᠯᠭᠠᠭᠰᠠᠨ ᠪᠠᠶᠢᠨ᠎ᠠ ᠃

2006 ᠣᠨ ᠣ 6 ᠰᠠᠷ᠎ᠠ ᠳ᠋ᠣ ᠂ ᠰᠢᠨᠭᠭᠠᠫᠣᠷ ᠣᠨ ᠱᠢ ᠴᠸᠨᠭ ᠬᠣᠸᠠ ᠬᠦᠭᠵᠢᠮ ᠣᠨ ᠪᠦᠯᠬᠦᠮ ᠣᠨ ᠣᠨᠴᠠ ᠣᠷᠢᠯᠭ᠎ᠠ  ᠪᠡᠷ ᠂ ᠸᠢᠺᠲ᠋ᠣᠷᠢᠶ᠎ᠠ ᠳᠠᠭᠣᠣ ᠬᠦᠭᠵᠢᠮ ᠣᠨ ᠲᠢᠨᠭᠬᠢᠮ ᠳ᠋ᠣ ᠪᠣᠯᠣᠭᠰᠠᠨ《ᠳᠠᠯ᠎ᠠ ᠨᠣᠳᠣᠭ ᠣᠨ ᠪᠠᠭᠠᠲᠣᠷ》 ᠭᠡᠬᠦ ᠳᠠᠭᠣᠣ  ᠬᠦᠭᠵᠢᠮ ᠣᠨ ᠴᠣᠭᠯᠠᠭᠠᠨ ᠳ᠋ᠣ ᠣᠷᠢᠳ ᠬᠣᠵᠢᠳ《ᠠᠳᠣᠭᠣᠴᠢᠨ ᠵᠠᠯᠠᠭᠣ》᠂《ᠪᠠᠶᠠᠰᠬᠣᠯᠠᠨᠭ᠍ᠳᠣ ᠳᠠᠯ᠎ᠠ ᠨᠣᠳᠣᠭ》 ᠂ 《ᠦᠯᠢᠭᠡᠷ   ᠣᠨ ᠠᠶ᠎ᠠ》᠂《ᠦᠯᠢᠭᠡᠷ ᠬᠦᠣᠷᠨᠢᠬᠦ ᠠᠶ᠎ᠠ》᠂《ᠦᠯᠢᠭᠡᠷ ᠳᠣᠮᠣᠭ》 ᠵᠡᠷᠭᠡ ᠲᠦᠯᠦᠭᠡᠯᠡᠬᠦ ᠴᠢᠨᠠᠷ  ᠲᠠᠢ  ᠳᠦᠷᠪᠡᠨ ᠣᠳᠠᠰᠣᠳᠣ ᠬᠣᠭᠣᠷ ᠣᠨ ᠠᠶᠠᠰ ᠣᠳ ᠢ ᠬᠦᠭᠵᠢᠮᠳᠡᠭᠰᠡᠨ ᠪᠠᠶᠢᠨ᠎ᠠ ᠃   ᠳᠠᠭᠣᠣ ᠬᠦᠭᠵᠢᠮ ᠣᠨ ᠴᠣᠭᠯᠠᠭᠠᠨ ᠣ ᠬᠣᠭᠣᠴᠠᠭᠠᠨ ᠳ᠋ᠣ ᠂ ᠭᠣᠣᠯ ᠡᠷᠬᠢᠯᠡᠭᠰᠡᠨ ᠳᠠᠯ᠎ᠠ  ᠶᠢᠨ  ᠬᠢᠨ ᠪᠠᠰᠠ ᠲᠣᠰ  ᠭᠠᠵᠠᠷ ᠣᠨ ᠳᠣᠮᠳᠠᠳᠣ ᠶᠢᠨ ᠬᠦᠮᠦᠨ ᠣ ᠳᠣᠮᠳᠠᠳᠣ ᠰᠣᠷᠭᠠᠭᠣᠯᠢ ᠳ᠋ᠣ ᠲᠣᠰᠬᠠᠶᠢᠯᠠᠨ《ᠰᠦᠶᠦᠭᠡ ᠶᠢᠨ ᠮᠣᠨᠭ᠍ᠭᠣᠯ ᠳᠦᠷᠪᠡᠨ  ᠣᠳᠠᠰᠣᠳᠣ ᠬᠣᠭᠣᠷ ᠣᠨ ᠡᠷᠳᠡᠮ ᠰᠢᠨᠵᠢᠯᠡᠭᠡᠨ ᠣ ᠢᠯᠡᠳᠭᠡᠯ》ᠲᠣᠬᠢᠷᠠᠭᠣᠯᠣᠭᠰᠠᠨ ᠪᠠᠶᠢᠵᠠᠢ ᠃

2007 ᠣᠨ ᠳ᠋ᠣ ᠸᠢᠶᠸᠨᠠ ᠳ᠋ᠣ ᠬᠦᠷᠴᠦ ᠂ ᠠᠯᠳᠠᠨ ᠰᠢᠷᠭᠠᠯ ᠶᠡᠬᠡ ᠲᠢᠨᠭᠬᠢᠮ ᠳ᠋ᠣ ᠪᠣᠯᠣᠭᠰᠠᠨ ᠸᠢᠶᠸᠨᠠ ︱  ᠳᠣᠮᠳᠠᠳᠣ ᠣᠯᠣᠰ ᠣᠨ ᠰᠢᠨ᠎ᠡ ᠵᠢᠯ ᠣᠨ ᠳᠠᠭᠣᠣ ᠬᠦᠭᠵᠢᠮ ᠣᠨ ᠴᠣᠭᠯᠠᠭᠠᠨ ᠳ᠋ᠣ ᠣᠷᠣᠯᠴᠠᠵᠣ ᠂ ᠳᠦᠷᠪᠡᠨ ᠣᠳᠠᠰᠣᠳᠣ  ᠬᠣᠭᠣᠷ ᠣᠨ ᠨᠡᠶᠢᠭᠡᠮᠯᠢᠭ ᠣᠨ ᠳᠠᠷᠣᠭ᠎ᠠ ᠪᠠᠶᠠᠨᠪᠣᠯᠠᠭ  ᠲᠠᠢ ᠬᠠᠮᠲᠣ ᠠᠯᠳᠠᠷᠳᠣ ᠠᠶᠠᠯᠭᠣ ᠵᠣᠬᠢᠶᠠᠭᠴᠢ  ᠠᠯᠳᠠᠠᠠᠠᠭᠣᠯᠠ ᠶᠢᠨ《ᠦᠯᠢᠭᠡᠷ ᠣᠨ ᠭᠣᠣᠯ ᠰᠡᠳᠦᠪᠲᠦ ᠲᠦᠷᠦᠭᠳᠡᠯ》 ᠢ ᠳᠠᠭᠠᠭᠣᠯᠣᠨ ᠬᠦᠭᠵᠢᠮᠳᠡᠭᠰᠡᠨ ᠪᠠᠶᠢᠨ᠎ᠠ ᠃

ᠪᠢᠴᠢᠬᠠᠨ ᠪᠦᠷᠭᠦᠳ ᠰᠢᠭ ᠰᠦᠶᠦᠭᠡ ᠂ ᠦᠳᠦᠲᠣ ᠵᠢᠭᠦᠷ ᠢᠶᠠᠨ ᠳᠡᠯᠭᠡᠨ ᠂ ᠦᠨᠳᠦᠷ ᠣᠭᠳᠠᠷᠭᠣᠢ ᠪᠠᠷ ᠬᠠᠯᠢᠵᠣ ᠂ ᠬᠦᠬᠡ  ᠲᠡᠭᠷᠢ ᠶᠢᠨ ᠴᠡᠭᠡᠯ ᠳ᠋ᠣ ᠂ ᠬᠦᠪᠦᠨᠭ ᠡᠭᠦᠯᠡ ᠶᠢ ᠵᠦᠰᠦᠨ᠎ᠡ ᠃

ᠲᠡᠭᠦᠨ ᠣ ᠡᠷᠳᠡ ᠡᠳᠦᠷ ᠡᠷᠡᠯᠬᠡᠭ ᠪᠦᠷᠭᠦᠳ ᠪᠣᠯᠵᠣ ᠂ ᠡᠨᠭ ᠦᠭᠡᠢ ᠣᠭᠳᠠᠷᠭᠣᠢ ᠶᠢ ᠵᠦᠰᠣᠨ ᠂ ᠡᠬᠡ ᠣᠯᠣᠰ  ᠦᠨᠳᠦᠰᠦᠳᠡᠨ ᠣ ᠪᠠᠨ ᠢᠷᠡᠭᠡᠳᠦᠢ ᠶᠢᠨ ᠵᠢᠷᠣᠭ ᠢ ᠵᠢᠷᠣᠭᠯᠠᠵᠣ ᠂ ᠨᠡᠨᠭ ᠶᠡᠬᠡ ᠬᠣᠪᠢ ᠨᠡᠮᠡᠷᠢ ᠦᠵᠡᠭᠦᠯᠬᠦ   ᠶᠢ ᠵᠦᠨᠭᠨᠡᠶ᠎ᠡ ︕

ᠵᠠᠯᠠᠭᠣ ᠬᠦᠭᠵᠢᠮᠴᠢᠨ ︱ ᠰᠦᠶᠦᠭᠡ

default2015-12-08-036cc211a7-1d82-4f3f-891d-1f4f887a605f

ᠵᠢᠷᠤᠭ

7 8 9 10 11 12 13 14 15 16 17 18 19 20 21 22 23 24 25 27 28 29 30 1 2 3 4 5 6

ᠲᠠᠨᠢᠯᠴᠠᠭᠤᠯᠭ᠎ᠠ

ᠲᠠᠨᠢᠯᠴᠠᠭᠤᠯᠭ᠎ᠠ

ᠰᠢᠭᠦᠮᠵᠢ ᠦᠯᠡᠳᠡᠭᠡᠬᠦ