• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠠᠷᠭᠢᠯ ᠬᠥᠭ ᠦᠨ ᠳᠥᠷᠪᠡᠨ ᠤᠲᠠᠰᠤᠲᠤ ᠬᠤᠭᠤᠷ ᠪᠠ ᠬᠦᠦᠷᠨᠢᠯ ᠳᠠᠭᠤᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-08
 • ᠄   37
 • ᠄   0
 • ᠄   0
 • ᠄  0

ᠠᠷᠭᠢᠯ ᠬᠥᠭ ᠦᠨ ᠳᠥᠷᠪᠡᠨ ᠤᠲᠠᠰᠤᠲᠤ ᠬᠤᠭᠤᠷ ᠪᠠ ᠬᠦᠦᠷᠨᠢᠯ ᠳᠠᠭᠤᠤ

ᠠᠷᠭᠢᠯ ᠬᠥᠭ ᠦᠨ ᠳᠥᠷᠪᠡᠨ ᠤᠲᠠᠰᠤᠲᠤ ᠬᠤᠭᠤᠷ ᠢᠶᠠᠷ ᠭᠣᠣᠯᠳᠠᠭᠣ ᠬᠦᠣᠷᠨᠢᠯ ᠠᠷᠠᠳ ᠤᠨ ᠳᠠᠭᠤᠤ ᠶᠢ ᠳᠠᠭᠣᠯᠠᠬᠣ ᠳ᠋ᠣ ᠬᠠᠪᠰᠣᠷᠭᠠᠳᠠᠭ ᠃ ᠶᠡᠷᠦ ᠶᠢᠨ ᠪᠠᠶᠢᠳᠠᠯ ᠳ᠋ᠣ ᠦᠯᠢᠭᠡᠷᠳᠣ ᠠᠷᠠᠳ ᠣᠨ ᠳᠠᠭᠣᠣ ᠭᠡᠳᠡᠭ ᠃ ᠬᠤᠭᠤᠷ  ᠦᠨ ᠬᠠᠪᠰᠤᠷᠤᠯᠭ᠎ᠠᠳᠣᠣᠷ᠎ᠠ ᠂ ᠠᠷᠠᠳ ᠣᠨ ᠳᠠᠭᠣᠣ ᠶᠢᠨ ᠠᠶᠢᠵᠠᠮ ᠴᠣᠬᠢᠯᠭ᠎ᠠ  ᠨᠢ ᠢᠯᠠ ᠲᠣᠳᠣ ᠪᠣᠯᠵᠣ ᠂ ᠦᠨᠳᠦᠰᠦᠨ ᠲᠢᠭ ᠬᠡᠯᠪᠡᠷᠢ ᠪᠠ ᠲᠣᠭᠲᠠᠭᠰᠠᠨ ᠬᠡᠪ ᠨᠠᠮᠪᠠ  ᠲᠠᠢ ᠪᠠᠶᠢᠵᠤ ᠂ ᠤᠷᠠᠨ ᠰᠡᠳᠬᠢᠮᠵᠢᠯᠡᠯ ᠂ ᠤᠶᠠᠩᠭ᠎ᠠ ᠨᠠᠶᠢᠷᠠᠭᠤᠯᠭ᠎ᠠ ᠶᠢ ᠬᠡᠷᠡᠭᠯᠡᠨ ᠂ ᠵᠣᠬᠢᠶᠠᠯ ᠤᠨ ᠪᠠᠭᠠᠲᠤᠷ  ᠤᠨ ᠳᠦᠷᠢ ᠶᠢ ᠪᠦᠲᠦᠭᠡᠬᠦ  ᠨᠢ ᠨᠡᠨᠭ ᠪᠣᠯᠪᠠᠰᠤᠷᠠᠩᠭᠤᠢ ᠪᠥᠭᠡᠳ ᠬᠦᠦᠷᠨᠢᠨ ᠲᠣᠭᠠᠴᠢᠬᠤ ᠥᠩᠭᠡ ᠪᠣᠳᠣᠭ  ᠨᠢ ᠨᠡᠨᠭ ᠪᠠᠶᠠᠯᠢᠭ ᠪᠣᠯᠵᠣ ᠴᠢᠳᠠᠳᠠᠭ ᠃

 

︽ ᠭᠠᠳᠠ ᠮᠠᠶᠢᠷᠠᠨ ︾ ︵ ᠢᠳᠠᠮᠵᠠᠪ  ᠡᠴᠡ ᠬᠤᠭᠤᠷᠳᠠᠨ ᠳᠠᠭᠤᠯᠠᠨ᠎ᠠ ︶

 

ᠭᠠᠳᠠ ᠮᠠᠶᠢᠷᠠᠨ ᠣ ᠳᠠᠭᠣᠣ ᠪᠣᠯ ᠮᠣᠨᠭ᠍ᠭᠣᠯ ᠦᠨᠳᠦᠰᠦᠳᠡᠨ ᠣ ᠦᠨᠳᠦᠰᠦᠳᠡᠨ ᠣ ᠪᠠᠭᠠᠳᠣᠷ ᠭᠠᠳᠠ ᠮᠠᠶᠢᠷᠠᠨ ᠣ ᠪᠠᠭᠠᠳᠣᠷᠯᠢᠭ ᠦᠢᠯᠡ ᠶᠠᠪᠣᠳᠠᠯ ᠢ ᠮᠠᠭᠳᠠᠨ ᠳᠠᠭᠣᠯᠠᠭᠰᠠᠨ ᠠᠷᠠᠳ ᠣᠨ ᠲᠣᠣᠯᠢ ᠳᠠᠭᠣᠣ ᠶᠣᠮ ᠃ ᠲᠣᠰ ᠳᠠᠭᠣᠣ ᠲᠠᠪᠢᠭᠠᠳ ᠵᠢᠯ ᠣᠨ ᠲᠣᠷᠰᠢ ᠣᠯᠠᠮᠵᠢᠯᠠᠭᠳᠠᠨ ᠳᠡᠯᠭᠡᠷᠡᠬᠦ ᠶᠠᠪᠣᠴᠠ  ᠳᠠᠭᠠᠨ ᠣᠯᠠᠨ ᠳᠠᠬᠢᠨ ᠵᠠᠰᠠᠭᠳᠠᠨ ᠪᠣᠯᠪᠠᠰᠣᠷᠠᠭᠳᠠᠭᠰᠠᠭᠠᠷ ᠣᠬᠣᠷᠬᠠᠨ ᠬᠡᠳᠣᠨ ᠪᠠᠳᠠᠭ  ᠲᠠᠢ ᠣᠶᠠᠨᠭ᠍ᠭ᠎ᠠ ᠳᠠᠭᠣᠣ ᠪᠠᠶᠢᠭᠰᠠᠨ  ᠡᠴᠡ ᠪᠠᠨ ᠭᠠᠳᠠ ᠮᠠᠶᠢᠷᠠᠨ ᠣ ᠪᠣᠰᠣᠯᠭ᠎ᠠ ᠶᠢᠨ ᠪᠠᠭᠠᠳᠣᠷᠯᠢᠭ ᠦᠢᠯᠡ ᠶᠠᠪᠣᠳᠠᠯ ᠂ ᠭᠠᠪᠢᠶ᠎ᠠ ᠵᠢᠳᠭᠦᠯ ᠢ ᠦᠯᠢᠭᠡᠷᠴᠢᠯᠡᠨ ᠲᠣᠭᠠᠴᠢᠵᠣ ᠣᠶᠠᠨᠭ᠍ᠭᠠᠯᠠᠨ ᠳᠠᠭᠣᠯᠠᠭᠰᠠᠨ ᠣᠯᠠᠨ ᠵᠠᠭᠣᠨ ᠮᠦᠷ  ᠲᠠᠢ ᠦᠯᠢᠭᠡᠷᠳᠣ ᠳᠠᠭᠣᠣ ᠪᠣᠯᠣᠨ ᠬᠦᠭᠵᠢᠵᠦ ᠂ ᠪᠦᠬᠦ ᠮᠣᠨᠭ᠍ᠭᠣᠯ ᠣᠷᠣᠨ ᠳ᠋ᠣ ᠮᠠᠰᠢ ᠶᠡᠬᠡ ᠨᠦᠯᠦᠭᠡ ᠦᠵᠡᠭᠦᠯᠵᠠᠢ ᠃

ᠭᠠᠳᠠ ᠮᠠᠶᠢᠷᠡᠨ ᠣ ᠳᠠᠭᠣᠣ   ᠨᠢ ᠣᠶᠠᠷᠠᠭᠣᠨ ᠪᠦᠭᠡᠳ ᠵᠢᠪᠬᠣᠯᠠᠨᠭ᠍ᠳᠣ ᠬᠦᠭ᠍ ᠠᠶᠠᠰ ᠢᠶᠠᠷ ᠰᠢᠵᠢᠮᠯᠡᠭᠳᠡᠵᠣ ᠂ ᠰᠠᠷᠠᠭᠣᠯ ᠳᠣᠳᠣ ᠂ ᠢᠳᠡᠷᠬᠡᠭ ᠳᠠᠶᠢᠴᠢᠨ ᠂ ᠪᠦᠬᠦ ᠮᠣᠨᠭ᠍ᠭᠣᠯ ᠣᠨ ᠠᠷᠠᠳ ᠲᠦᠮᠡᠨ ᠳ᠋ᠣ ᠬᠣᠷᠣᠰᠣᠯ ᠂ ᠰᠡᠨᠭᠭᠡᠷᠡᠯ ᠬᠢᠭᠡᠳ ᠲᠡᠮᠡᠴᠡᠯ ᠣᠨ ᠵᠣᠷᠢᠭ ᠰᠠᠨᠠᠭ᠎ᠠ ᠶᠢ ᠠᠪᠴᠢᠷᠠᠵᠣ ᠦᠭᠪᠡ ᠃

 

《 ᠨᠠᠨᠬᠤᠸᠠᠷ 》 ︵ ᠪᠦᠷᠢᠨᠪᠠᠶᠠᠷ  ᠡᠴᠡ ᠬᠣᠭᠣᠷᠳᠠᠨ ᠳᠠᠭᠣᠯᠠᠨ᠎ᠠ ︶

 

ᠬᠣᠷᠴᠢᠨ ᠠᠷᠠᠳ ᠤᠨ ᠳᠠᠭᠤᠤ ︽ ᠨᠠᠨᠬᠤᠸᠠᠷ ︾ ᠥᠷᠭᠡᠨ ᠠᠭᠤᠳᠠᠮ ᠬᠣᠷᠴᠢᠨ ᠤ ᠲᠠᠯ᠎ᠠ ᠨᠤᠲᠤᠭ ᠤᠨ ᠮᠠᠯᠴᠢᠨ ᠲᠠᠷᠢᠶᠠᠴᠢᠨᠲᠦ᠍ᠮᠡᠨ ᠦ ᠰᠣᠨᠣᠷ ᠲᠣ ᠲᠠᠭᠠᠯᠠᠭᠳᠠᠵᠤ ᠂ ᠰᠡᠳᠬᠢᠯ  ᠳᠤᠨᠢ ᠰᠢᠩᠭᠡᠭᠰᠡᠨ ᠠᠯᠳᠠᠷᠳᠣ ᠠᠷᠠᠳ ᠤᠨ ᠳᠠᠭᠤᠤ ᠪᠣᠯᠣᠨ᠎ᠠ ᠃《 ᠨᠠᠨᠬᠤᠸᠠᠷ 》ᠡᠰᠡᠬᠦᠯ᠎ᠡ《 ᠨᠠᠨᠬᠤᠸᠠᠷ 》 ᠭᠡᠳᠡᠭ  ᠨᠢ ᠶᠠᠮᠠᠷ ᠨᠢᠭᠡ ᠬᠥᠮᠥᠨ ᠦ ᠨᠡᠷ᠎ᠡ ᠡᠴᠡ ᠡᠰᠢ ᠲᠠᠲᠠᠵᠤ ᠂ ᠠᠷᠠᠳ ᠤᠨ ᠤᠷᠠᠯᠢᠭᠴᠢᠳ ᠠᠶᠠᠯᠭᠤ ᠬᠥᠭᠵᠢᠮ ᠵᠣᠬᠢᠶᠠᠨ ᠂ ᠬᠥᠮᠥᠰ ᠦᠨ ᠰᠡᠳᠬᠢᠯ ᠵᠢᠷᠦᠬᠡ  ᠶᠢ ᠡᠪᠬᠡᠷᠡᠵᠦ ᠳᠡᠪᠬᠡᠷᠲᠡᠯ᠎ᠡ ᠬᠤᠭᠤᠷᠳᠠᠨ ᠳᠠᠭᠣᠯᠠᠭᠰᠠᠨ ᠳᠠᠭᠣᠣ ᠶᠤᠮ ᠃

 

ᠵᠢᠷᠤᠭ

ᠠᠷᠭᠢᠯ ᠬᠥᠭ ᠦᠨ ᠳᠥᠷᠪᠡᠨ ᠤᠲᠠᠰᠤᠲᠤ ᠬᠤᠭᠤᠷ

default2015-12-04-02751822f6-d3c9-4d2d-b6eb-5ef1a694fdafdefault2015-12-04-0248276a44-795c-40a3-8ef0-7635d6161b25

MP4 ᠪᠢᠴᠢᠯᠭᠡ ︱ ︽ ᠭᠠᠳᠠ ᠮᠠᠶᠢᠷᠠᠨ ︾ ︵ ᠢᠳᠠᠮᠵᠠᠪ  ᠡᠴᠡ ᠬᠤᠭᠤᠷᠳᠠᠨ ᠳᠠᠭᠤᠯᠠᠨ᠎ᠠ ︶

MP4 ᠪᠢᠴᠢᠯᠭᠡ ︱ 《 ᠨᠠᠨᠬᠤᠸᠠᠷ 》 ︵ ᠪᠦᠷᠢᠨᠪᠠᠶᠠᠷ  ᠡᠴᠡ ᠬᠣᠭᠣᠷᠳᠠᠨ ᠳᠠᠭᠣᠯᠠᠨ᠎ᠠ ︶

MP3 ᠪᠢᠴᠢᠯᠭᠡ ︱ ︽ ᠭᠠᠳᠠ ᠮᠠᠶᠢᠷᠠᠨ ︾ ︵ ᠢᠳᠠᠮᠵᠠᠪ  ᠡᠴᠡ ᠬᠤᠭᠤᠷᠳᠠᠨ ᠳᠠᠭᠤᠯᠠᠨ᠎ᠠ ︶

MP3 ᠪᠢᠴᠢᠯᠭᠡ ︱ 《 ᠨᠠᠨᠬᠤᠸᠠᠷ 》 ︵ ᠪᠦᠷᠢᠨᠪᠠᠶᠠᠷ  ᠡᠴᠡ ᠬᠣᠭᠣᠷᠳᠠᠨ ᠳᠠᠭᠣᠯᠠᠨ᠎ᠠ ︶

ᠰᠢᠭᠦᠮᠵᠢ ᠦᠯᠡᠳᠡᠭᠡᠬᠦ