• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠦᠯᠢᠭᠡᠷ ᠣᠨ ᠠᠶ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-08
  • ᠄   35
  • ᠄   0
  • ᠄   0
  • ᠄  0

ᠦᠯᠢᠭᠡᠷ ᠣᠨ ᠠᠶ᠎ᠠ

ᠦᠯᠢᠭᠡᠷ ᠦᠨ ᠢᠵᠢ ᠠᠶ᠎ᠠ ᠬᠤᠭᠤᠷ ᠤᠨ ᠦᠯᠢᠭᠡᠷ  ᠨᠢ ᠬᠤᠭᠤᠷᠴᠢ  ᠨᠠᠷ ᠤᠨ ᠬᠤᠭᠤᠷ ᠬᠥᠭᠵᠢᠮᠳᠡᠬᠦ ᠤᠷᠠᠯᠢᠭ ᠤᠨ ᠤᠷ᠎ᠠ ᠮᠡᠷᠭᠡᠰᠢᠯ  ᠨᠢ ᠥᠨᠳᠥᠷ ᠲᠦᠪᠰᠢᠨ ᠳᠦ ᠬᠦᠷᠴᠣ ᠂ ᠬᠡᠯᠡ ᠬᠡᠯᠡᠯᠭᠡ  ᠨᠢ ᠳᠦᠷᠰᠦᠯᠢᠭ ᠰᠠᠶᠢᠬᠠᠨ ᠂ ᠠᠶᠠᠯᠭᠤ ᠠᠭᠡᠰᠢᠭ  ᠨᠢ ᠢᠷᠠᠭᠤ ᠤᠶᠠᠩᠭᠠᠯᠢᠭ ᠂ ᠠᠭᠤᠯᠭ᠎ᠠ ᠬᠡᠯᠪᠡᠷᠢ  ᠨᠢ ᠪᠠᠶᠠᠯᠢᠭ ᠬᠥᠭᠵᠢᠭᠦᠨ ᠂ ᠬᠡᠯᠡᠵᠦ ᠳᠠᠭᠤᠯᠠᠬᠤ ᠴᠢᠳᠠᠪᠤᠷᠢ  ᠨᠢ ᠶᠡᠬᠡ ᠵᠦ᠍ᠴᠦᠭᠡᠯᠢᠭ ᠲᠤᠯᠠ ᠣᠷᠴᠢᠨ ᠲᠣᠭᠣᠷᠢᠨ ᠪᠠ ᠦᠨᠳᠦᠰᠦᠲᠡᠨ ᠦ ᠣᠨᠴᠠᠯᠢᠭ  ᠲᠠᠢ ᠨᠢᠭᠲᠠ ᠤᠶᠠᠯᠳᠤᠵᠤ ᠴᠢᠳᠠᠭᠰᠠᠨ ᠪᠠᠶᠢᠳᠠᠭ ᠃ ᠠᠶᠢᠮᠦ ᠡᠴᠡ ᠮᠣᠩᠭᠣᠯ ᠤᠨ ᠶᠡᠬᠡ ᠠᠷᠳᠡᠮᠲᠡᠨ ᠴ᠊ ᠂ ᠳᠠᠮᠳᠢᠨᠰᠦ᠍ᠷᠦᠩ ᠡᠴᠠ 《 ᠦᠯᠢᠭᠡᠷᠴᠢ ᠬᠤᠭᠤᠷᠴᠢ  ᠨᠠᠷ ᠪᠣᠯᠪᠠᠰᠤ ᠂ ᠮᠣᠩᠭᠣᠯ ᠣᠷᠣᠨ ᠳᠤ ᠦᠵᠡᠬᠦ ᠵᠦᠴᠦᠭᠡ ᠂ ᠰᠣᠨᠣᠰᠬᠤ ᠬᠥᠭᠵᠢᠮ ᠂ ᠤᠩᠰᠢᠬᠤ ᠨᠣᠮ ᠭᠤᠷᠪᠠᠭᠤᠯᠠ ᠵᠢᠨ ᠠᠭᠦᠷᠭᠡ ᠵᠢ ᠭᠦᠢᠴᠡᠭᠡᠭᠰᠡᠭᠡᠷ ᠢᠷᠡᠵᠦᠬᠦᠢ 》 ᠭᠡᠵᠦ ᠳ᠋ᠦᠩᠨᠡᠭᠰᠡᠨ ᠶᠤᠮ ᠃ ᠶᠠᠮᠠᠷᠪᠠ ᠤᠳᠬ᠎ᠠ ᠵᠣᠬᠢᠶᠠᠯ ᠠᠰᠡᠬᠦᠯ᠎ᠡ ᠤᠷᠠᠯᠢᠭ ᠤᠨ ᠪᠦᠲᠦᠭᠡᠯ  ᠲᠠᠢ ᠠᠳᠠᠯᠢ ᠵᠶᠠᠷ ᠬᠤᠭᠤᠷ ᠤᠨ ᠦᠯᠢᠭᠡᠷ ᠴᠦ ᠠᠭᠦᠰᠪᠦᠷᠢ ᠵᠠᠯᠭᠠᠪᠤᠷᠢ ᠬᠤᠪᠢᠯᠪᠤᠷᠢ ᠬᠤᠷᠢᠶᠠᠪᠤᠷᠢ ᠭᠡᠵᠦ ᠬᠡᠰᠡᠭ ᠪᠦᠯᠦᠭ ᠬᠤᠪᠢᠶᠠᠵᠤ ᠪᠠᠶᠢᠳᠠᠭ ᠃

︵ ᠨᠢᠭᠡ ︶ 《 ᠦᠯᠢᠭᠡᠷ ᠠᠬᠢᠯᠡᠬᠦ 》 ᠭᠡᠳᠡᠭ  ᠨᠢ ᠳᠠᠷᠤᠢ ᠦᠯᠢᠭᠡᠷ ᠦᠨ ᠰᠡᠳᠦᠪ ᠵᠶᠡᠨ ᠲᠤᠰᠢᠶᠠᠬᠤ ᠤᠬᠠᠭᠠᠨᠲᠠᠢ ᠪᠥ᠍ᠭᠡᠳ ᠠᠷᠲᠡ ᠠᠳᠦᠭᠡ ᠵᠢᠨ ᠲᠡᠦᠬᠡᠨ ᠪᠠᠶᠢᠳᠠᠯ ᠂ ᠣᠷᠣᠨ ᠭᠠᠵᠠᠷ ᠤᠨ ᠵᠠᠩ ᠵᠠᠩᠰᠢᠯ ᠂ ᠣᠷᠴᠢᠨ ᠲᠣᠭᠣᠷᠢᠨ ᠤ ᠥᠩᠭᠡ ᠦᠵᠡᠮᠵᠢ ᠂ ᠦᠯᠢᠭᠡᠷ ᠦᠨ ᠤᠴᠢᠷ ᠠᠭᠦᠰᠴᠦ ᠭᠠᠷᠤᠭᠰᠠᠨ ᠰᠢᠯᠲᠠᠭᠠᠨ ᠵᠶᠡᠨ ᠲᠣᠭᠠᠴᠢᠨ ᠠᠬᠢᠯᠡᠬᠦ ᠵᠢᠨ ᠬᠠᠮᠲᠤ ᠤᠶᠠᠩᠭᠠᠯᠢᠭ ᠬᠥᠭᠵᠢᠶᠡᠨᠲᠦ ᠤᠲᠠᠰᠤᠲᠤ ᠬᠤᠭᠤᠷ ᠤᠨ ᠠᠭᠡᠰᠢᠭ ᠳᠠᠭᠤᠨ ᠤ ᠬᠠᠪᠰᠤᠷᠤᠯᠭ᠎ᠠ ᠵᠢᠨ ᠳᠠᠭᠤ ᠲᠡᠨᠢᠭᠦᠨ ᠵᠢᠪᠬᠤᠯᠠᠩᠲᠠᠢ ᠪᠠᠷ ᠬᠤᠭᠤᠷ ᠤᠨ ᠦᠯᠢᠭᠡᠷ ᠵᠶᠡᠨ ᠠᠬᠢᠯᠡᠭᠦᠯᠳᠡᠭ ᠪᠢᠯᠡ ᠃ ᠲᠤᠬᠠᠶᠢᠯᠠᠪᠠᠯ 《 ᠠᠭᠦᠯᠡ  ᠨᠢ ᠬᠠᠮᠢᠭ᠎ᠠ ᠡᠴᠠ ᠳᠡᠭᠳᠡᠨ᠎ᠡ ᠭᠡᠪᠡᠯ ᠂ ᠥᠨᠳᠥᠷ ᠲᠡᠭᠷᠢ ᠵᠢᠨ ᠲᠠᠩᠨᠠᠢ ᠡᠴᠠ ᠂ ᠦᠯᠢᠭᠡᠷ ᠬᠠᠮᠢᠭ᠎ᠠ ᠡᠴᠠ ᠠᠭᠦᠰᠪᠡ ᠭᠡᠪᠡᠯ ᠂ ᠥᠪᠥᠷ ᠮᠣᠩᠭᠣᠯ ᠤᠨ ᠣᠷᠣᠨ ᠡᠴᠠ 》《 ᠬᠠᠨᠠᠭᠠᠷ ᠰᠠᠷᠠᠭᠤᠯ ᠠᠭᠤᠯᠠ ᠤᠰᠤ ᠂ ᠬᠣᠯᠠ ᠡᠴᠠ ᠬᠥᠬᠡᠷᠡᠨ ᠬᠠᠷᠠᠭᠳᠠᠨ᠎ᠠ ᠂ ᠬᠠᠮᠤᠭ ᠣᠯᠠᠨ ᠤ ᠠᠮᠢᠳᠤᠷᠠᠯ ᠡᠴᠠ ᠂ ᠬᠤᠭᠤᠷ ᠤᠨ ᠦᠯᠢᠭᠡᠷ ᠠᠭᠦᠰᠦᠨ᠎ᠡ 》 ᠬᠡᠮᠡᠨ ᠠᠬᠢᠯᠡᠭᠦᠯᠳᠡᠭ ᠶᠤᠮ ᠃

︵ ᠬᠣᠶᠠᠷ ︶ 《 ᠴᠤᠤ ᠬᠤᠷᠠᠬᠤ 》 ᠭᠡᠳᠡᠭ  ᠨᠢ ᠠᠷᠲᠡᠨ ᠦ ᠦᠯᠢᠭᠡᠷ ᠲᠡᠦᠬᠡᠨ ᠳᠦ ᠭᠠᠷᠳᠠᠭ ᠡᠵᠡᠨ ᠲᠦᠰᠢᠮᠡᠯ ᠴᠤᠭᠯᠠᠷᠠᠵᠤ ᠢᠷᠡᠭᠡᠳ ᠲᠥᠷᠥ ᠵᠢᠨ ᠬᠡᠷᠡᠭ ᠵᠥᠪᠳᠡᠬᠦ ᠦᠢᠯᠡ ᠶᠠᠪᠤᠳᠠᠯ ᠢ ᠴᠤᠤ ᠬᠤᠷᠠᠬᠤ ᠭᠡᠳᠡᠭ ᠃ ᠲᠤᠬᠠᠶᠢᠯᠠᠪᠠᠯ 《 ᠦᠬᠡᠷ ᠴᠠᠭ ᠤᠨ ᠰᠡᠭᠦᠯ ᠦᠨ ᠮᠥᠴᠡ ᠂ ᠪᠠᠷᠰ ᠴᠠᠭ ᠤᠨ ᠲᠡᠷᠢᠭᠦᠨ ᠮᠥᠴᠡ ᠂ ᠡᠦ ᠮᠸᠨ ᠳᠤᠸᠠᠨ ᠮᠸᠨ ᠠᠭᠦᠳᠡᠨ ᠡᠴᠡ ᠥᠷᠯᠥᠭᠡ ᠵᠢᠨ ᠳᠣᠬᠢᠶ᠎ᠠ ᠲᠠᠯᠪᠢᠯ᠎ᠠ 》《 ᠬᠠᠭᠠᠨ ᠡᠵᠡᠨ ᠵᠶᠡᠨ ᠵᠠᠯᠠᠨ᠎ᠠ ᠭᠡᠳ ᠂ ᠬᠠᠰ ᠤᠨ ᠬᠡᠩᠭᠡᠷᠭᠡ ᠪᠡᠨ ᠬᠠᠪᠢᠷᠤᠯ᠎ᠠ ᠂ ᠬᠠᠮᠤᠭ ᠰᠠᠶᠢᠳ ᠤᠨ ᠳᠣᠬᠢᠶ᠎ᠠ ᠭᠡᠳ ᠂ ᠯᠤᠤ ᠵᠢᠨ ᠬᠡᠩᠭᠡᠷᠭᠡ ᠳᠡᠯᠡᠳᠦᠯ᠎ᠡ 》 ᠁ ᠭᠡᠬᠦ ᠮᠡᠲᠦ ᠃

︵ ᠭᠤᠷᠪᠠ ︶ 《 ᠵᠠᠩᠵᠤᠨ ᠬᠤᠶᠠᠭᠯᠠᠬᠤ ᠪᠠ ᠮᠣᠷᠢ ᠠᠮᠡᠭᠡᠯᠯᠡᠬᠦ 》 ᠬᠤᠭᠤᠷ ᠤᠨ ᠦᠯᠢᠭᠡᠷ ᠲᠦ ᠂ ᠵᠠᠩᠵᠤᠨ ᠬᠤᠶᠠᠭᠯᠠᠬᠤ ᠪᠠ ᠮᠣᠷᠢ ᠠᠮᠡᠭᠡᠯᠯᠡᠬᠦ ᠠᠰᠡᠬᠦᠯ᠎ᠡ ᠵᠡᠪᠰᠡᠭ ᠠᠳᠬᠤᠵᠤ ᠪᠠᠶᠢᠯᠳᠤᠭᠠᠨ ᠳ᠋ᠣ ᠭᠠᠷᠬᠤ ᠵᠢ ᠦᠯᠢᠭᠡᠷ ᠦᠨ ᠳᠤᠮᠳᠠᠬᠢ ᠬᠠᠮᠤᠭ ᠭᠠᠶᠢᠬᠠᠮᠰᠢᠭᠲᠠᠢ ᠤᠷᠠᠯᠢᠭ ᠤᠨ ᠢᠯᠡᠷᠬᠡᠶᠢᠯᠡᠯ ᠦᠨ ᠨᠢᠭᠡ ᠤᠷᠠᠨ ᠮᠡᠷᠭᠡᠰᠢᠯ ᠪᠣᠯᠭᠠᠵᠤ ᠦᠵᠡᠳᠡᠭ ᠃ ᠲᠤᠬᠠᠶᠢᠯᠠᠪᠠᠯ ᠂ 《 ᠮᠢᠬᠠᠨ ᠰᠢᠳᠠᠷ ᠮᠢᠨᠳᠠᠰᠤᠨ ᠬᠤᠶᠠᠭ ᠢ ᠪᠡᠶ᠎ᠡ ᠳᠦ ᠪᠡᠨ ᠠᠮᠦᠰᠦᠯ᠎ᠡ ᠂ ᠮᠠᠩᠨᠤᠭ ᠲᠣᠷᠭᠠᠨ ᠠᠷᠳᠡᠨᠢ ᠵᠢᠨ ᠬᠤᠶᠠᠭ ᠢ ᠲᠡᠭᠦᠨ ᠦ ᠳᠡᠭᠡᠭᠦᠷ ᠭᠡᠲᠡᠷᠴᠤ ᠪᠠᠶᠢᠨ᠎ᠠ ᠃ 》 《 ᠪᠠᠷᠰ ᠲᠣᠯᠣᠭᠠᠶᠢᠲᠤ ᠭᠠᠤᠯᠢᠨ ᠭᠤᠲᠤᠯ ᠢ ᠥᠯᠮᠡᠢ ᠳᠦ ᠪᠡᠨ ᠢᠰᠬᠦᠯᠦᠯ᠎ᠡ ᠂ ᠨᠠᠢᠮᠠᠨ ᠣᠷᠣᠨ ᠤ ᠳᠠᠷᠤᠮᠠᠯ ᠲᠣᠣᠬᠤ ᠵᠢ ᠭᠤᠶᠠᠨ ᠳᠤ ᠪᠠᠨ ᠠᠪᠤᠭᠠᠳ ᠠᠮᠦᠰᠴᠦ ᠪᠠᠶᠢᠨ᠎ᠠ 》 ᠁ ᠭᠡᠬᠦ ᠮᠡᠲᠦ ᠃

︵ ᠳᠥᠷᠪᠡ ︶ 《 ᠴᠡᠷᠢᠭ ᠮᠣᠷᠳᠠᠬᠤ 》 ᠬᠤᠭᠤᠷ ᠤᠨ ᠦᠯᠢᠭᠡᠷ ᠲᠦ ᠴᠡᠷᠢᠭ ᠠᠩᠭᠢ ᠵᠢᠨ ᠠᠶᠠᠨ ᠳᠠᠶᠢᠨ ᠳᠤ ᠮᠣᠷᠳᠠᠨ ᠭᠠᠷᠬᠤ ᠰᠦᠷ ᠵᠢᠪᠬᠤᠯᠠᠩᠲᠤ ᠪᠠᠶᠢᠳᠠᠯ ᠢ ᠤᠷᠠᠯᠠᠨ ᠮᠠᠭᠲᠠᠵᠤ ᠂ ᠤᠶᠠᠩᠭᠠᠯᠢᠭ ᠢᠷᠠᠭᠤ ᠬᠥᠭ᠍ ᠠᠶᠠᠰ ᠵᠶᠠᠷ ᠬᠥᠭᠵᠢᠭᠦᠨ ᠳᠠᠭᠤᠯᠠᠨ᠎ᠠ ᠃ ᠠᠭᠦᠨ ᠳᠦ ᠪᠠᠰᠠ ᠪᠠᠭᠠᠲᠤᠷ ᠬᠦᠴᠦᠲᠡᠨ ᠦ ᠰᠦᠷ ᠰᠦᠯᠳᠡ ᠂ ᠲᠤᠭ ᠵᠡᠪᠰᠡᠭ ᠦᠨ ᠭᠡᠷᠡᠯ ᠭᠢᠯᠪᠠᠭ᠎ᠠ ᠂ ᠬᠥᠰᠬᠡ ᠠᠴᠢᠶ᠎ᠠ ᠵᠢᠨ ᠨᠡᠯᠦᠭᠡᠷ ᠰᠢᠨᠵᠢ ᠵᠢ ᠢᠯᠡᠳᠬᠡᠳᠡᠭ ᠶᠤᠮ ᠃ 《 ᠬᠦᠯᠦᠭ ᠦᠨ ᠰᠠᠶᠢᠬᠠᠨ ᠮᠣᠷᠢᠳ ᠳᠡᠭᠡᠷ᠎ᠡ ᠂ ᠬᠡᠩᠬᠦᠭᠡᠷ ᠰᠦᠷᠯᠢᠭ ᠮᠠᠳᠠᠶᠢᠵᠦ ᠶᠠᠪᠤᠨ᠎ᠠ ᠂ ᠬᠥᠨᠳᠡᠯᠡᠨ ᠬᠣᠯᠠ ᠵᠢᠨ ᠵᠠᠮ ᠳᠤ ᠪᠠᠨ ᠂ ᠬᠦᠴᠦᠷᠬᠡᠭ ᠰᠦᠷᠲᠡᠢ ᠵᠠᠮᠨᠠᠵᠤ ᠶᠠᠪᠤᠨ᠎ᠠ 》《 ᠠᠳᠤᠭᠤ ᠮᠠᠯ ᠬᠣᠶᠠᠷ ᠢ ᠪᠠᠨ ᠂ ᠠᠯᠳᠡᠩ ᠰᠦᠷᠦᠭ ᠵᠶᠡᠷ  ᠨᠢ ᠬᠥᠭᠡᠭᠡᠵᠦ ᠂ ᠠᠯᠠᠰᠢ ᠢᠳᠡᠭᠡᠨ ᠦ ᠬᠣᠨᠢ ᠪᠠᠨ ᠂ ᠠᠯᠢ ᠲᠠᠷᠭᠤᠨ ᠢ  ᠨᠢ ᠠᠪᠴᠤ 》 ᠁ ᠭᠡᠬᠦ ᠮᠡᠲᠦ ᠃

︵ ᠲᠠᠪᠤ ︶ 《 ᠵᠣᠪᠠᠯᠠᠩᠲᠤ ᠤᠴᠠᠷᠠᠯ ᠢ ᠲᠣᠭᠠᠴᠢᠬᠤ 》 ᠬᠥᠮᠥᠨ ᠦ ᠠᠮᠢᠳᠤᠷᠠᠯ ᠳᠤ ᠠᠯᠳᠡᠪ ᠵᠦᠢᠯ ᠦᠨ ᠤᠴᠢᠷ ᠶᠠᠪᠤᠳᠠᠯ ᠲᠠᠭᠠᠷᠢᠵᠤ ᠲᠣᠬᠢᠶᠠᠯᠳᠤᠳᠠᠭ ᠪᠣᠯᠬᠣᠷ ᠂ ᠬᠤᠭᠤᠷ ᠤᠨ ᠦᠯᠢᠭᠡᠷ ᠲᠦ ᠠᠭᠦᠨ ᠦ ᠲᠤᠬᠠᠢ ᠮᠠᠰᠢ ᠣᠯᠠᠨ ᠬᠡᠪᠰᠢᠭᠰᠡᠨ ᠬᠡᠯᠡᠯᠭᠡ ᠪᠤᠶᠤ ᠬᠡᠮᠨᠡᠯ ᠠᠶ᠎ᠠ ᠨᠣᠭᠣᠳ ᠪᠤᠢ ᠃ ᠠᠶᠢᠮᠦ ᠡᠴᠡ ᠬᠤᠭᠤᠷᠴᠢ ᠬᠣᠯᠪᠣᠨ ᠳᠠᠭᠤᠯᠠᠬᠤ ᠳᠠᠭᠠᠨ ᠤᠶᠠᠷᠠᠨ ᠰᠢᠮᠰᠢᠷᠡᠬᠦ ᠠᠭᠡᠰᠢᠭᠯᠡᠭᠡ ᠪᠠ ᠠᠮᠲᠡᠷᠡᠨ ᠰᠢᠨᠠᠯᠠᠬᠤ ᠰᠡᠳᠬᠢᠯᠭᠡ ᠪᠡᠷ ᠢᠯᠡᠳᠬᠡᠵᠦ ᠪᠠᠶᠢᠳᠠᠭ ᠶᠤᠮ ᠃ ᠲᠤᠬᠠᠶᠢᠯᠠᠪᠠᠯ 《 ᠬᠥᠯᠥᠭᠡᠳ ᠶᠠᠪᠤᠬᠤ ᠦᠬᠡᠷ ᠦᠭᠡᠢ ᠂ ᠬᠡᠪᠲᠡᠭᠡ ᠲᠥᠷᠥᠬᠦ ᠦᠨᠢᠶ᠎ᠡ ᠦᠭᠡᠢ ᠂ ᠬᠥᠳᠥᠰᠥ ᠪᠦᠲᠦᠨ ᠳᠡᠪᠡᠯ ᠦᠭᠡᠢ ᠂ ᠬᠥᠭᠡᠷᠦᠬᠦᠢ ᠶᠠᠳᠠᠭᠤ ᠠᠶᠢᠯ ᠪᠠᠶᠢᠨ᠎ᠠ 》《 ᠰᠢᠷ᠎ᠠ ᠬᠠᠯᠲᠠᠷ ᠨᠣᠬᠠᠢ  ᠨᠢ ᠂ ᠴᠡᠷ ᠵᠶᠡᠨ ᠲᠣᠭᠣᠷᠢᠭᠠᠳ ᠭᠠᠰᠠᠯᠤᠨ᠎ᠠ ᠂ ᠴᠢᠳᠠᠯ ᠮᠠᠭᠤᠲᠠᠢ ᠠᠶᠢᠯ ᠭᠡᠳᠡᠭ ᠂ ᠴᠠᠭ ᠴᠠᠭ ᠲᠤ ᠪᠠᠨ ᠵᠣᠪᠠᠯᠠᠩ  ᠲᠠᠢ 》 ᠁ ᠭᠡᠬᠦ ᠮᠡᠲᠦ ᠃

︵ ᠵᠢᠷᠭᠤᠭ᠎ᠠ ︶ 《 ᠮᠣᠷᠢᠲᠠᠢ ᠬᠥᠮᠥᠨ ᠵᠠᠮᠨᠠᠬᠤ 》 ᠵᠢ ᠦᠨᠡᠬᠡᠷ ᠰᠠᠶᠢᠬᠠᠨ ᠴᠣᠭ ᠰᠦᠯᠳᠡ  ᠲᠠᠢ ᠪᠥᠭᠡᠳ ᠰᠦᠷ ᠵᠢᠪᠬᠤᠯᠠᠩᠲᠠᠢ ᠬᠡᠶᠢᠮᠣᠷᠢ ᠬᠡᠶᠢᠰᠦᠭᠦᠯᠵᠦ ᠶᠠᠪᠤᠳᠠᠭ ᠦᠵᠡᠭᠳᠡᠯ ᠪᠠᠶᠢᠳᠠᠯ ᠢ ᠨᠢᠳᠦᠨ ᠦᠵᠡᠭᠳᠡᠵᠦ ᠪᠠᠶᠢᠭ᠎ᠠ ᠰᠢᠭ᠍ ᠵᠢᠷᠤᠯᠠᠳᠠᠭ ᠃ ᠲᠤᠬᠠᠶᠢᠯᠠᠪᠠᠯ ᠂ 《 ᠴᠢᠨᠳᠠᠭᠠᠨ ᠳᠤ ᠠᠳᠠᠯᠢ ᠰᠠᠷᠠᠯ ᠮᠣᠷᠢ ᠂ ᠴᠠᠶᠢᠯᠠᠰ ᠴᠠᠶᠢᠯᠠᠰ ᠨᠠᠯᠠᠭᠠᠳ ᠲᠡᠭᠡᠵᠡᠢ ᠂ ᠰᠢᠷᠠᠮᠠᠯ ᠮᠠᠯᠠᠭᠠᠢ ᠴᠢᠩ ᠭᠠᠩ ᠤᠨ ᠵᠤᠤᠵᠠᠢ ᠂ ᠲᠦᠭᠦᠰᠢ ᠵᠢ  ᠨᠢ ᠳᠠᠭᠠᠭᠠᠳ ᠲᠠᠷ ᠲᠠᠷ ᠭᠡᠵᠡᠢ 》《 ᠰᠣᠯᠣᠩᠭ᠎ᠠ ᠵᠢᠨ ᠵᠢᠯᠣᠭᠣ ᠽᠠᠨᠳᠠᠨ ᠪᠦᠭᠦᠷᠭᠡ ᠂ ᠰᠠᠭᠤᠳᠠᠯ ᠳᠠᠭᠠᠭᠠᠳ ᠬᠠᠷᠠᠭᠳᠠᠴᠢᠬᠠᠵᠠᠢ ᠂ ᠴᠠᠭᠠᠨ ᠮᠥᠩᠭᠥᠨ ᠤᠷᠲᠤ ᠵᠢᠳᠠ ᠂ ᠰᠠᠬᠠᠭᠠᠯᠲᠠ  ᠨᠢ ᠬᠠᠷᠠᠭᠳᠠᠭᠠᠳ ᠤᠯᠪᠤᠯᠵᠠᠴᠢᠬᠠᠵᠠᠢ 》 ᠁ ᠭᠡᠬᠦ ᠮᠡᠲᠦ ᠃

︵ ᠳᠣᠯᠣᠭ᠎ᠠ ︶ 《 ᠠᠭᠤᠯᠠ ᠤᠰᠤ ᠪᠠᠨ ᠮᠠᠭᠲᠠᠬᠤ 》 ᠪᠣᠯ ᠲᠡᠭᠦᠨ ᠦ ᠥᠨᠳᠥᠷ ᠰᠦᠷᠯᠢᠭ ᠠᠭᠤᠯᠠ ᠬᠠᠶᠢᠷᠬᠠᠨ ᠂ ᠤᠰᠤᠨ ᠲᠤᠩᠭᠠᠯᠠᠭ ᠭᠣᠣᠯ ᠮᠥᠷᠡᠨ ᠂ ᠥᠩᠭᠡ ᠰᠢᠮᠡᠯᠢᠭ ᠬᠠᠩᠭᠠᠢ ᠵᠢᠨ ᠦᠵᠡᠮᠵᠢ ᠂ ᠤᠷᠤᠮᠳᠠᠨ ᠲᠣᠭᠯᠠᠯᠳᠤᠳᠠᠭ ᠠᠷᠢᠶᠠᠲᠠᠨ ᠵᠢᠭᠦᠷᠲᠡᠨ ᠵᠢᠴᠢ ᠪᠠᠶᠢᠭᠠᠯᠢ ᠵᠢᠨ ᠰᠢᠨᠵᠢ ᠂ ᠪᠠᠶᠠᠯᠢᠭ ᠭᠠᠷᠤᠯᠲᠠ ᠂ ᠠᠮᠢᠳᠤᠷᠠᠯ ᠤᠨ ᠣᠨᠴᠠᠯᠢᠭ ᠵᠡᠷᠭᠡ ᠵᠢ ᠮᠠᠭᠲᠠᠵᠤ ᠪᠠᠶᠢᠳᠠᠭ ᠃ ᠲᠤᠬᠠᠶᠢᠯᠠᠪᠠᠯ 《 ᠬᠥᠳᠡᠩ ᠤᠨᠢᠶᠠᠷ ᠴᠡᠩᠬᠡᠷᠯᠡᠭᠡᠳ ᠂ ᠬᠥᠬᠡᠮᠳᠦᠭ ᠠᠭᠤᠯᠠ ᠰᠦ᠍ᠨᠳᠡᠷᠯᠡᠨ᠎ᠡ ᠂ ᠬᠥᠪᠴᠢ ᠰᠢᠭᠤᠢ ᠴᠡᠯᠡᠭᠡᠷᠡᠭᠡᠳ ᠂ ᠬᠥᠬᠥᠭᠡ ᠰᠢᠪᠠᠭᠤ ᠳᠣᠩᠭᠣᠳᠤᠯᠴᠠᠨ᠎ᠠ 》《 ᠠᠭᠤᠳᠠᠮ ᠲᠠᠯ᠎ᠠ ᠨᠡᠯᠦᠶᠢᠭᠡᠳ ᠂ ᠡᠪᠡᠰᠦ ᠪᠡᠯᠴᠢᠭᠡᠷ ᠬᠠᠯᠢᠭᠤᠷᠠᠨ᠎ᠠ ᠂ ᠠᠯᠠᠭ ᠴᠡᠴᠡᠭ ᠮᠢᠷᠠᠯᠵᠠᠭᠠᠳ ᠂ ᠠᠷᠪᠡᠬᠡᠢ ᠵᠥᠭᠡᠢ ᠰᠦᠯᠵᠢᠯᠳᠦᠨ᠎ᠡ 》 ᠁ ᠭᠡᠬᠦ ᠮᠡᠲᠦ ᠃

︵ ᠨᠠᠢᠮᠠ ︶ 《 ᠠᠬᠡ ᠵᠢᠨ ᠠᠴᠢ 》 ᠬᠤᠭᠤᠷ ᠤᠨ ᠦᠯᠢᠭᠡᠷ ᠲᠦ ᠰᠢᠯᠦᠭ ᠰᠢᠯᠦᠭᠯᠡᠬᠦ ᠭᠡᠳᠡᠭ  ᠨᠢ ᠶᠠᠮᠠᠷ ᠨᠢᠭᠡᠨ ᠬᠡᠷᠡᠭ ᠦᠵᠡᠭᠳᠡᠯ ᠪᠠ ᠬᠥᠮᠥᠨ ᠶᠠᠭᠤᠮ᠎ᠠ ᠵᠢᠨ ᠲᠤᠬᠠᠢ ᠰᠢᠭᠦᠮᠵᠢᠯᠡᠬᠦ ᠪᠤᠶᠤ ᠤᠶᠠᠩᠭᠠᠯᠠᠨ ᠳᠠᠭᠤᠯᠠᠬᠤ ᠵᠢ ᠵᠢᠭᠠᠵᠤ ᠪᠤᠢ ᠂ ᠠᠭᠦᠨ ᠳᠦ ᠣᠯᠠᠩᠬᠢ ᠳᠤ ᠪᠠᠨ ᠭᠦᠨ ᠤᠬᠠᠭᠠᠴᠢᠯᠠᠭᠰᠠᠨ ᠰᠢᠯᠦᠭ ᠬᠣᠯᠪᠣᠭ᠎ᠠ ᠪᠠᠷ ᠶᠣᠰᠣ ᠶᠠᠷᠢᠵᠤ ᠪᠠᠶᠢᠳᠠᠭ ᠪᠣᠯᠬᠣᠷ ᠰᠤᠷᠭᠠᠯ ᠰᠢᠯᠦᠭ ᠬᠡᠮᠡᠵᠦ ᠪᠣᠯᠳᠠᠭ ᠃ ᠲᠤᠬᠠᠶᠢᠯᠠᠪᠠᠯ 《 ᠠᠷᠲᠠᠢ ︵ ᠶᠤ ︶ ᠲᠣᠷᠭ᠎ᠠ  ᠶᠤᠭᠠᠨ ᠠᠷᠪᠠ ᠳᠠᠪᠬᠤᠷᠯᠠᠪᠠᠴᠤ ᠂ ᠠᠷᠪᠠᠨ ᠰᠠᠷ᠎ᠠ ᠵᠢᠨ ᠬᠦᠢᠲᠡᠨ ᠳᠦ ᠪᠡᠨ ᠠᠷᠠᠰᠤ ᠵᠢ ᠭᠦᠢᠴᠡᠨ᠎ᠡ ᠦᠦ ᠳ᠋ᠠ 》《 ᠠᠮᠠᠨ ᠳᠤ ᠪᠠᠨ ᠬᠢᠮᠡᠷ ᠠᠬ᠎ᠠ ᠳᠡᠭᠦᠦ  ᠨᠠᠷ  ᠨᠢ ᠠᠷᠪᠢᠨ ᠪᠠᠶᠢᠪᠠᠴᠤ ᠂ ᠤᠭᠤᠷᠠᠭ ᠵᠶᠠᠨ ᠰᠢᠮᠡᠭᠦᠯᠦᠭᠰᠡᠨ ᠡᠵᠢ ᠵᠢᠨ ᠠᠴᠢ ᠳᠤ ᠭᠦᠢᠴᠡᠨ᠎ᠡ ᠦᠦ ᠳ᠋ᠠ 》 ᠁ ᠭᠡᠬᠦ ᠮᠡᠲᠦ ᠃

︵ ᠶᠢᠰᠦ ︶ 《 ᠦᠯᠢᠭᠡᠷ ᠲᠡᠭᠦᠰᠬᠦ 》 ᠬᠤᠭᠤᠷ ᠤᠨ ᠦᠯᠢᠭᠡᠷ  ᠨᠢ ᠠᠬᠢᠯᠡᠬᠦ ᠂ ᠵᠠᠯᠭᠠᠬᠤ ᠂ ᠴᠢᠭᠯᠡᠬᠦ ᠂ ᠲᠡᠭᠦᠰᠬᠡᠬᠦ ᠬᠡᠮᠡᠬᠦ ᠮᠠᠰᠢ ᠴᠢᠩᠭ᠎ᠠ ᠳᠦᠷᠢᠮ ᠭᠣᠷᠢᠮ ᠬᠢᠭᠡᠳ ᠵᠢᠷᠤᠮ ᠶᠣᠰᠣ ᠪᠠᠶᠢᠳᠠᠭ ᠃ ᠠᠭᠦᠨ ᠳᠦ ᠦᠯᠢᠭᠡᠷ ᠢ ᠪᠦᠬᠦᠨ ᠢ ᠬᠡᠯᠡᠭᠡᠳ ᠳᠠᠭᠤᠰᠬᠠᠬᠤ ᠵᠢ ᠦᠯᠢᠭᠡᠷ ᠲᠡᠭᠦᠰᠬᠦ ᠬᠡᠮᠡᠨ ᠬᠡᠯᠡᠳᠡᠭ ᠶᠤᠮ ᠃ ᠲᠤᠬᠠᠶᠢᠯᠠᠪᠠᠯ 《 ᠠᠭᠦᠰᠬᠡᠭᠡᠳ ᠬᠡᠯᠡᠭᠰᠡᠨ ᠦᠯᠢᠭᠡᠷ  ᠮᠢᠨᠢ ᠂ ᠥᠯᠵᠡᠢ ᠪᠡᠯᠭᠡ  ᠲᠠᠢ ᠲᠡᠭᠦᠰᠦᠯ᠎ᠡ ᠂ ᠥᠷᠭᠡᠨ ᠪᠤᠶᠠᠨᠲᠤ ᠲᠡᠭᠷᠢ ᠵᠢᠨ ᠬᠦᠦ ᠂ ᠡᠵᠡᠨ ᠰᠢᠷᠡᠭᠡ ᠪᠡᠨ ᠡᠵᠡᠯᠡᠯ᠎ᠡ 》《 ᠤᠳᠠᠭᠠᠨ ᠵᠢᠷᠭᠠᠬᠤ ᠤᠯᠤᠰ ᠲᠥᠷᠥ ᠂ ᠤᠴᠠᠷᠠᠯ ᠰᠠᠶᠢᠲᠠᠢ ᠲᠣᠭᠲᠠᠯ᠎ᠠ ᠂ ᠤᠲᠠᠰᠤᠲᠤ ᠬᠤᠭᠤᠷ ᠤᠨ ᠠᠭᠡᠰᠢᠭ ᠵᠶᠡᠷ ᠤᠶᠠᠩᠭᠠᠯᠠᠵᠤ ᠠᠨᠳᠡ  ᠨᠢ ᠲᠡᠭᠦᠰᠭᠡᠯ᠎ᠡ 》 ᠁ ᠭᠡᠬᠦ ᠮᠡᠲᠦ ᠃

 

 

ᠬᠤᠭᠤᠷᠴᠢ ︱ ᠰᠡᠷᠭᠦᠯᠠᠩ

default2015-12-04-0793131c91-f84b-4bd7-bd3b-277a1e068566

ᠵᠢᠷᠤᠭ

default2015-12-04-28c53620be-d75c-4e82-9afc-6257e68b5df4 default2015-12-04-29bfa14361-8b09-478e-bd72-b41ac078bd98 default2015-12-04-29c0293681-ce46-4ae9-b6ad-e6ab25edcfec default2015-12-04-29edbb9cbd-ce2f-4218-aff4-e3e8fbcd1016 default2015-12-04-29fdc8f2d0-b15b-4feb-9775-68d353d91b83 default2015-12-04-280eb0a049-db4a-484b-af44-f4eb6b0faa21 default2015-12-04-281c699282-4221-496f-af4e-b5cb6c9370f1 default2015-12-04-286bbd4f65-0070-4ee1-8507-ad6f563cbc1a default2015-12-04-290d4433ff-cb74-4871-a480-6aa40b2c4917 default2015-12-04-293e728663-1c46-4257-9736-53b9b52bae93 default2015-12-04-295afeea70-fff8-4635-8a2d-7e0d172a4170 default2015-12-04-298c2aec5a-e2aa-44b9-98ab-c1e3686393e6 default2015-12-04-2857af46ef-e335-4fb5-aeef-8e71a3297a74 default2015-12-04-29333e8a65-0092-4317-b446-6c95782b84a9 default2015-12-04-295941a7df-0923-4cb3-91fa-7b8c09ef6cf3

MP4 ᠪᠢᠴᠢᠯᠭᠡ ︱ 《 ᠦᠯᠢᠭᠡᠷ ᠣᠨ ᠠᠶ᠎ᠠ 》

MP3 ᠪᠢᠴᠢᠯᠭᠡ ︱ 《 ᠦᠯᠢᠭᠡᠷ ᠣᠨ ᠠᠶ᠎ᠠ 》

ᠰᠢᠭᠦᠮᠵᠢ ᠦᠯᠡᠳᠡᠭᠡᠬᠦ