• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠦᠨ ᠯᠢᠶᠠᠨᠭ᠍ ︱ 《 ᠨᠠᠨᠬᠤᠸᠠᠷ 》
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-09
  • ᠄   37
  • ᠄   0
  • ᠄   0
  • ᠄  0

︵ ᠬᠣᠶᠠᠷ ︶ ᠬᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ ᠣᠨ ᠪᠦᠷᠢᠨ ᠪᠦᠳᠦᠨ ᠬᠦᠭᠵᠢᠮᠳᠡᠬᠦ ᠣᠷᠠᠯᠢᠭ ᠢ ᠪᠦ᠍ᠳᠦᠭᠡᠪᠡ

ᠪᠠᠭ᠎ᠠ ᠳᠦᠷᠪᠡᠨ ᠣᠳᠠᠰᠣᠳᠣ ᠬᠣᠭᠣᠷ ᠢ ᠬᠢᠵᠣ ᠪᠦᠳᠦᠭᠡᠭᠰᠡᠨ ᠣ ᠳᠠᠷᠠᠭ᠎ᠠ ᠂ ᠰᠦᠨ ᠯᠢᠶᠠᠨᠭ᠍ ᠨᠠᠷᠢᠨ ᠬᠢᠨᠠᠮᠠᠭᠠᠢ ᠰᠣᠳᠣᠯᠵᠣ ᠂ ᠠᠭᠠᠵᠢᠮ ᠢᠶᠠᠷ ᠳᠠᠷᠣᠬᠣ ᠂ ᠴᠣᠬᠢᠬᠣ ᠂ ᠱᠣᠳᠣᠷᠬᠣ ᠂ ᠨᠢᠰᠠᠯᠬᠣ ᠵᠡᠷᠭᠡ ᠨᠢᠭᠡᠨ ᠪᠦᠷᠢᠨ ᠪᠦᠳᠦᠨ ᠂ ᠣᠯᠠᠨ ᠬᠣᠪᠢᠷᠠᠯᠳᠠ  ᠲᠠᠢ ᠣᠳᠠᠰᠣᠨ ᠣ ᠠᠷᠭ᠎ᠠ ᠮᠡᠷᠭᠡᠵᠢᠯ ᠪᠠ 《 ᠴᠢᠨᠭᠭ᠎ᠠ ᠠᠶᠠᠰ  ᠢᠶᠠᠷ ᠡᠬᠢᠯᠡᠬᠦ 》 ᠂《 ᠨᠢᠭᠡ ᠬᠦᠪᠴᠢ ᠪᠡᠷ ᠣᠯᠠᠨ ᠠᠶ᠎ᠠ ᠭᠠᠷᠭᠠᠬᠣ 》 ᠂《 ᠬᠣᠷᠳᠣᠨ ᠠᠶᠠᠰ  ᠲᠣ ᠣᠷᠳᠣ ᠨᠣᠮᠣ ᠬᠡᠷᠡᠭᠯᠡᠬᠦ 》 ᠵᠡᠷᠭᠡ ᠨᠣᠮᠣ ᠬᠡᠷᠡᠭᠯᠡᠬᠦ ᠠᠷᠭ᠎ᠠ ᠮᠡᠷᠭᠡᠵᠢᠯ ᠢ ᠬᠠᠶᠢᠵᠣ ᠭᠠᠷᠭᠠᠭᠰᠠᠨ ᠶᠣᠮ ᠃ ᠡᠭᠦᠨ  ᠡᠴᠡ ᠮᠣᠨᠭ᠍ᠭᠣᠯ ᠬᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ ᠣᠨ ᠦᠨᠳᠦᠰᠦᠨ ᠬᠦᠭᠵᠢᠮᠳᠡᠬᠦ ᠬᠡᠪ ᠨᠠᠮᠪᠠ ᠲᠣᠭᠳᠠᠪᠦᠷᠢᠵᠢᠭᠰᠡᠨ ᠪᠠᠶᠢᠨ᠎ᠠ ᠃ ᠰᠦᠨ ᠯᠢᠶᠠᠨᠭ᠍ ᠣᠨ ᠦᠪᠡᠷ ᠣᠨ  ᠬᠢᠨ ᠬᠦᠭᠵᠢᠮᠳᠡᠬᠦ ᠣᠷ᠎ᠠ ᠮᠡᠷᠭᠡᠵᠢᠯ ᠴᠣ ᠲᠣᠨᠭ᠍ ᠦᠨᠳᠦᠷ ᠲᠦᠪᠰᠢᠨ ᠳ᠋ᠣ ᠬᠦᠷᠴᠣ ᠂ ᠳᠦᠷᠪᠡᠨ ᠣᠳᠠᠰᠣᠳᠣ ᠬᠣᠭᠣᠷ  ᠨᠢ ᠪᠣᠷᠣᠭᠠᠨ ᠣ ᠳᠠᠷᠠᠭᠠᠬᠢ ᠬᠣᠯᠣᠰᠣᠨ ᠰᠦᠶ᠎ᠡ ᠮᠡᠳᠣ ᠴᠣᠯᠭᠣᠷᠠᠨ ᠭᠠᠷᠴᠣ ᠂ ᠮᠣᠨᠭ᠍ᠭᠣᠯ ᠦᠨᠳᠦᠰᠦᠳᠡᠨ ᠣ ᠲᠦᠯᠦᠭᠡᠯᠡᠬᠦ ᠴᠢᠨᠠᠷ  ᠲᠠᠢ ᠬᠦᠭᠵᠢᠮ ᠪᠣᠯᠣᠭᠰᠠᠨ ᠶᠣᠮ ᠃

《 ᠨᠠᠨᠬᠤᠸᠠᠷ 》

《 ᠨᠠᠨᠬᠤᠸᠠᠷ 》 ︱ ᠲᠣᠰ ᠠᠶ᠎ᠠ  ᠶᠢ ᠰᠦᠨ ᠯᠢᠶᠠᠨᠭ᠍ ᠪᠠᠭᠰᠢ  ᠡᠴᠡ 79 ᠨᠠᠰᠣᠳᠠᠢ  ᠳᠠᠭᠠᠨ ᠬᠦᠭᠵᠢᠮᠳᠡᠭᠰᠡᠨ ᠳᠦᠷᠪᠡᠨ ᠣᠳᠠᠰᠣᠳᠣ ᠬᠣᠭᠣᠷ ᠣᠨ ᠠᠶ᠎ᠠ ᠪᠣᠯᠣᠨ᠎ᠠ ᠃ ᠣᠣᠯ  ᠨᠢ ᠠᠳᠠᠯᠢ ᠨᠡᠷᠡᠳᠦ ᠠᠷᠠᠳ ᠣᠨ ᠳᠠᠭᠣᠣ  ᠡᠴᠡ ᠭᠠᠷᠣᠯᠳᠠᠢ ᠃ ᠠᠷᠪᠠ ᠶᠢᠰᠦᠳᠦᠭᠡᠷ ᠵᠠᠭᠣᠨ ᠣ ᠰᠡᠭᠦᠯᠴᠢ ᠪᠡᠷ ᠂ ᠬᠢᠳᠡᠳ ᠦᠨᠳᠦᠰᠦᠳᠡᠨ ᠣ ᠨᠢᠭᠡ ᠪᠦᠯᠦᠭ ᠠᠷᠠᠳ ᠣᠨ ᠬᠦᠭᠵᠢᠮᠴᠢᠨ ᠳᠠᠯ᠎ᠠ ᠨᠣᠳᠣᠭ ᠣᠨ ᠬᠦᠭᠵᠢᠮ ᠣᠨ ᠣᠷᠣᠯᠳᠣᠭᠠᠨ ᠳ᠋ᠣ ᠢᠷᠡᠭᠰᠡᠨ ᠳ᠋ᠣ ᠂ ᠹᠦᠰᠢᠨ ᠣ ᠮᠣᠨᠭ᠍ᠭᠣᠯᠵᠢᠨ ᠣ ᠠᠷᠠᠳ ᠣᠨ ᠣᠷᠠᠯᠢᠭᠴᠢᠳ ᠲᠣᠰ ᠳᠠᠭᠣᠣ ᠶᠢ ᠬᠦᠭᠵᠢᠮᠳᠡᠨ ᠳᠠᠭᠣᠯᠠᠵᠣ ᠂ ᠬᠢᠳᠡᠳ ᠦᠨᠳᠦᠰᠦᠳᠡᠨ ᠣ ᠬᠦᠭᠵᠢᠮᠴᠢᠳ ᠢ ᠶᠡᠬᠡᠳᠡ ᠪᠢᠰᠢᠷᠡᠭᠦᠯᠦᠭᠰᠡᠨ ᠭᠡᠨ᠎ᠡ ᠃ ᠳᠡᠭᠡᠭᠡᠳ ᠲᠡᠳᠡ《 ᠲᠡᠭᠷᠢ ᠶᠢᠨ ᠳᠠᠭᠣᠨ ᠲᠡᠨᠭᠴᠡᠬᠦ ᠬᠦᠮᠦᠨ ᠦᠭᠡᠢ 》 ᠭᠡᠵᠦ ᠬᠡᠯᠡᠭᠰᠡᠨ ᠭᠡᠳᠡᠭ ᠣᠯᠠᠮᠵᠢᠯᠠᠯ  ᠲᠠᠢ ᠃ ᠰᠦᠨ ᠯᠢᠶᠠᠨᠭ᠍ ᠳᠦᠷᠪᠡᠨ ᠣᠳᠠᠰᠣᠳᠣ ᠬᠣᠭᠣᠷ ᠣᠨ ᠠᠶ᠎ᠠ ᠪᠣᠯᠭᠠᠨ ᠦᠭᠡᠷᠡᠴᠢᠯᠡᠨ ᠨᠠᠶᠢᠷᠠᠭᠣᠯᠵᠣ ᠂《 ᠱᠣᠳᠣᠷᠬᠣ ᠂ ᠴᠣᠬᠢᠬᠣ ᠂ ᠨᠢᠰᠠᠯᠬᠣ ᠂ ᠳᠠᠳᠠᠬᠣ 》 ᠪᠠ《 ᠦᠨᠭᠭᠡ ᠨᠡᠮᠡᠨ ᠬᠣᠪᠢᠷᠭᠠᠨ ᠬᠦᠭᠵᠢᠮᠳᠡᠬᠦ 》 ᠵᠡᠷᠭᠡ ᠦᠨᠳᠦᠷ ᠬᠦᠭ ᠣᠨ ᠳᠦᠷᠪᠡᠨ ᠣᠳᠠᠰᠣᠳᠣ ᠬᠣᠭᠣᠷ ᠣᠨ ᠣᠯᠠᠨ ᠠᠷᠭ᠎ᠠ ᠮᠡᠷᠭᠡᠵᠢᠯ ᠶᠢ ᠲᠦᠪᠯᠡᠷᠡᠭᠦᠯᠦᠨ ᠬᠡᠷᠡᠭᠯᠡᠵᠦ ᠂ ᠲᠣᠰ ᠠᠶ᠎ᠠ ᠶᠢ ᠣᠯᠠᠮ ᠨᠣᠭᠣᠯᠣᠭ᠎ᠠ ᠬᠣᠭᠣᠯᠣᠭ᠎ᠠ  ᠲᠠᠢ ᠂ ᠣᠶᠠᠨᠭ᠍ᠭᠠᠯᠢᠭ ᠂ ᠭᠦᠨ ᠣᠬᠠᠭᠠᠯᠢᠭ ᠪᠣᠯᠭᠠᠭᠰᠠᠨ ᠪᠠᠶᠢᠨ᠎ᠠ ᠃

 

ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠨᠢᠭᠡᠨ ᠦᠶ᠎ᠡ ᠶᠢᠨ ᠬᠦᠨᠳᠦᠳᠦ ᠪᠠᠭᠰᠢ ︱ ᠰᠦᠨ ᠯᠢᠶᠠᠨᠭ᠍

default2015-12-04-56d8853b65-bb0a-487b-beda-a494af0a69f4

ᠵᠢᠷᠤᠭ

1 2 8 7 6 5 4 3 9 10 12 13 14 15 16 17 18

MP4 ᠪᠢᠴᠢᠯᠭᠡ ︱ ᠲᠠᠨᠢᠯᠴᠠᠭᠤᠯᠭ᠎ᠠ

MP4 ᠪᠢᠴᠢᠯᠭᠡ ︱《 ᠨᠠᠨᠬᠤᠸᠠᠷ 》( ᠰᠦᠨ ᠯᠢᠶᠠᠨᠭ᠍ )

MP3 ᠪᠢᠴᠢᠯᠭᠡ ︱《 ᠨᠠᠨᠬᠤᠸᠠᠷ 》( ᠰᠦᠨ ᠯᠢᠶᠠᠨᠭ᠍ )

ᠰᠢᠭᠦᠮᠵᠢ ᠦᠯᠡᠳᠡᠭᠡᠬᠦ