• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠠᠶᠠᠨᠪᠣᠯᠠᠭ ︱ ᠲᠠᠨᠢᠯᠴᠠᠭᠤᠯᠭ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-09
 • ᠄   37
 • ᠄   0
 • ᠄   0
 • ᠄  0

ᠲᠠᠨᠢᠯᠴᠠᠭᠤᠯᠭ᠎ᠠ

ᠪᠠᠶᠠᠨᠪᠣᠯᠠᠭ ︵1956 ︱ ︶ ᠪᠣᠯ ᠬᠣᠷᠴᠢᠨ ᠵᠡᠭᠦᠨ ᠭᠠᠷᠣᠨ ᠳᠣᠮᠳᠠ ᠬᠣᠰᠢᠭᠣᠨ ᠣ ᠬᠦᠮᠦᠨ ᠂ ᠳᠦᠷᠪᠡ ᠨ  ᠣᠳᠠᠰᠣᠳᠣ ᠬᠣᠭᠣᠷ ᠣᠨ ᠠᠯᠳᠠᠷᠳᠣ ᠬᠦᠭᠵᠢᠮᠴᠢᠨ ᠂ ᠬᠣᠶᠠᠳᠣᠭᠠᠷ ᠳᠡᠰ ᠣᠨ ᠲᠣᠭᠯᠠᠭᠴᠢ ᠂ ᠦᠪᠦᠷ ᠮᠣᠨᠭ᠍ᠭᠣᠯ ᠣᠨ  ᠳᠦᠷᠪᠡᠨ ᠣᠳᠠᠰᠣᠳᠣ ᠬᠣᠭᠣᠷ ᠣᠨ ᠨᠡᠶᠢᠭᠡᠮᠯᠢᠭ ᠣᠨ ᠳᠠᠷᠣᠭ᠎ᠠ ᠃

ᠪᠠᠶᠠᠨᠪᠣᠯᠠᠭ ᠂ ᠬᠣᠷᠴᠢᠨ ᠣ ᠳᠠᠯ᠎ᠠ ᠨᠣᠳᠣᠭ ᠣᠨ ᠨᠢᠭᠡᠨ ᠳᠠᠭᠣᠣ ᠬᠦᠭᠵᠢᠮ ᠣᠨ ᠣᠳᠣᠮᠰᠢᠯᠳᠣ ᠭᠡᠷ ᠪᠦᠯᠢ ᠳ᠋ᠣ  ᠲᠦᠷᠦᠵᠠᠢ ᠃ 1975 ᠣᠨ ᠳ᠋ᠣ ᠦᠪᠦᠷ ᠮᠣᠨᠭ᠍ᠭᠣᠯ ᠣᠨ ᠷᠠᠳᠢᠣ᠋ ᠬᠣᠷᠢᠶᠠᠨ ᠣ ᠣᠷᠠᠯᠢᠭ ᠣᠨ ᠪᠦᠯᠬᠦᠮ ᠳ᠋ᠣ ᠡᠯᠰᠡᠭᠳᠡᠵᠦ ᠂  ᠳᠦᠷᠪᠡᠨ ᠣᠳᠠᠰᠣᠳᠣ ᠬᠣᠭᠣᠷ ᠣᠨ ᠶᠡᠬᠡ ᠪᠠᠭᠰᠢ ᠰᠦᠨ ᠯᠢᠶᠠᠨᠭ᠍ ᠣᠨ ᠣᠣᠭᠠᠨ ᠱᠠᠪᠢ  ᠨᠢ ᠪᠣᠯᠪᠠ ᠃ 1987 ᠣᠨ ᠳ᠋ᠣ  ᠠᠶᠠᠯᠭᠣ ᠵᠣᠬᠢᠶᠠᠬᠣ ᠲᠣᠰᠬᠠᠢ ᠮᠡᠷᠭᠡᠵᠢᠯ  ᠢᠶᠠᠷ ᠦᠪᠦᠷ ᠮᠣᠨᠭ᠍ᠭᠣᠯ ᠣᠨ ᠪᠠᠭᠰᠢ ᠶᠢᠨ ᠶᠡᠬᠡ ᠰᠣᠷᠭᠠᠭᠣᠯᠢ ᠶᠢᠨ ᠳᠠᠭᠣᠣ  ᠬᠦᠭᠵᠢᠮ ᠣᠨ ᠰᠠᠯᠪᠦᠷᠢ  ᠡᠴᠡ ᠲᠡᠭᠦᠰᠦᠭᠰᠡᠨ ᠶᠣᠮ ᠃

ᠪᠠᠶᠠᠨᠪᠣᠯᠠᠭ ᠭᠣᠸᠠᠢ ᠳᠦᠷᠪᠡᠨ ᠣᠳᠠᠰᠣᠳᠣ ᠬᠣᠭᠣᠷ ᠣᠨ ᠮᠡᠷᠭᠡᠵᠢᠯ ᠣᠨ ᠬᠦᠭᠵᠢᠮᠴᠢᠨ ᠪᠣᠯᠣᠭᠰᠠᠨ  ᠡᠴᠡ ᠨᠠᠰᠢ ᠂  ᠲᠦᠪ ᠣᠨ ᠪᠠ ᠦᠪᠡᠷᠳᠡᠭᠡᠨ ᠵᠠᠰᠠᠬᠣ ᠣᠷᠣᠨ ᠣ ᠷᠠᠳᠢᠣ᠋ ᠲᠸᠯᠸᠢᠰ ᠬᠣᠷᠢᠶᠠᠨᠳ᠋ᠣ ᠮᠢᠨᠭᠭ᠎ᠠ ᠰᠢᠬᠠᠮ ᠬᠦᠭᠵᠢᠮ ᠣᠨ ᠠᠶ᠎ᠠ  ᠰᠢᠨᠭᠭᠡᠭᠡᠨ ᠨᠡᠪᠳᠡᠷᠡᠭᠦᠯᠦᠭᠰᠠᠨ ᠪᠦᠭᠡᠳ 2008 ᠣᠨ ᠣ 4 ᠰᠠᠷ᠎ᠠ ᠳ᠋ᠣ ᠂ ᠦᠪᠦᠷ ᠮᠣᠨᠭ᠍ᠭᠣᠯ ᠣᠨ ᠲᠸᠯᠸᠢᠰ ᠬᠣᠷᠢᠶᠠᠨ ᠳ᠋ᠣ  ᠭᠣᠴᠣᠯᠠᠯ ᠬᠦᠭᠵᠢᠮ ᠣᠨ ᠦᠳᠡᠰᠢᠯᠡᠭᠡ ᠪᠡᠨ ᠠᠮᠵᠢᠯᠳᠠ  ᠲᠠᠢ ᠡᠷᠬᠢᠯᠡᠨ ᠶᠠᠪᠣᠭᠳᠠᠭᠣᠯᠪᠠ ᠃

ᠲᠡᠭᠦᠨ ᠣ ᠲᠦᠯᠦᠭᠡᠯᠡᠬᠦ ᠴᠢᠨᠠᠷ  ᠲᠠᠢ ᠪᠦᠳᠦᠭᠡᠯ ᠭᠡᠪᠡᠯ ᠄ ᠲᠡᠭᠦᠨ ᠣ ᠬᠦᠭᠵᠢᠮᠳᠡᠭᠰᠠᠨ《 ᠦᠨᠭᠭᠡᠳᠣ ᠬᠣᠪᠣᠷ 》 ᠂ 《  ᠦᠯᠢᠭᠡᠷ  ᠣᠨ ᠭᠣᠣᠯ ᠰᠡᠳᠦᠪᠳᠣ ᠲᠦᠷᠦᠭᠳᠡᠯ ᠠᠶ᠎ᠠ 》 ᠵᠢᠴᠢ 《 ᠴᠢᠨᠭᠬᠢᠰ ᠬᠠᠭᠠᠨ 》 ᠬᠡᠮᠡᠬᠦ ᠦᠷᠭᠦᠯᠵᠢᠯᠡᠭᠰᠡᠨ  ᠲᠸᠯᠸᠢᠰ ᠵᠦᠴᠦᠭᠡ  ᠶᠢᠨ ᠠᠶ᠎ᠠ ᠪᠠ ᠲᠠᠭᠦᠨ ᠣ ᠵᠣᠬᠢᠶᠠᠭᠰᠠᠨ《 ᠪᠠᠶᠠᠰᠬᠣᠯᠠᠨᠭ᠍ᠳᠣ ᠮᠠᠯᠴᠢᠨ 》 ᠂《 ᠠᠷᠠᠳ ᠣᠨ ᠳᠠᠭᠣᠣ   ᠶᠢᠨ ᠰᠡᠳᠦᠪᠳᠣ ᠬᠣᠪᠢᠷᠠᠭᠠᠯ ᠠᠶ᠎ᠠ 》 ᠵᠡᠷᠭᠡ ᠪᠤᠯᠤᠨ᠎ᠠ ᠃

ᠪᠠᠶᠠᠨᠪᠣᠯᠠᠭ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠤᠶᠢᠯᠡᠰ  ᠲᠤ ᠦᠵᠡᠭᠦᠯᠦᠭᠰᠡᠨ ᠬᠠᠮᠣᠭ ᠶᠡᠬᠡ ᠭᠠᠪᠢᠶ᠎ᠠ  ᠵᠢᠳᠭᠦᠯ ᠭᠡᠪᠡᠯ ᠂ ᠰᠦᠨ ᠯᠢᠶᠠᠨᠭ᠍ ᠪᠠᠭᠰᠢ ᠶᠢᠨ ᠬᠦᠰᠡᠯ ᠵᠣᠷᠢᠯᠳᠠ  ᠶᠢ ᠵᠠᠯᠭᠠᠮᠵᠢᠯᠠᠵᠣ ᠂ ᠮᠣᠨᠭ᠍ᠭᠣᠯ ᠳᠦᠷᠪᠡᠨ ᠣᠳᠠᠰᠣᠳᠣ  ᠬᠣᠭᠣᠷ ᠣᠨ ᠣᠷᠠᠠᠯᠢᠭ  ᠣᠨ ᠦᠢᠯᠡᠰ ᠢ ᠬᠦᠭᠵᠢᠭᠦᠯᠬᠦ   ᠶᠢᠨ ᠲᠦᠯᠦᠭᠡ ᠣᠶᠣᠨ ᠣᠬᠠᠭᠠᠨ ᠢᠶᠠᠨ ᠰᠢᠪᠬᠠᠨ ᠂ ᠠᠣᠭ᠎ᠠ  ᠵᠢᠳᠭᠦᠯ ᠭᠠᠷᠭᠠᠭᠰᠠᠨ ᠳ᠋ᠣ ᠪᠣᠢ ᠃

2005 ᠣᠨ ᠣ 11 ᠰᠠᠷ᠎ᠠ ᠳ᠋ᠣ ᠦᠪᠦᠷ ᠮᠣᠨᠭ᠍ᠭᠣᠯ ᠣᠨ ᠳᠦᠷᠪᠡᠨ ᠣᠳᠠᠰᠣᠳᠣ ᠬᠣᠭᠣᠷ ᠣᠨ ᠨᠡᠶᠢᠭᠡᠮᠯᠢᠭ ᠢ ᠵᠣᠬᠢᠶᠠᠨ  ᠪᠠᠶᠢᠭᠣᠯᠵᠣ ᠂ ᠨᠡᠶᠢᠭᠡᠮᠯᠢᠭ ᠣᠨ ᠲᠡᠷᠢᠭᠦᠯᠡᠭᠴᠢ ᠪᠡᠷ ᠰᠣᠨᠭ᠍ᠭᠣᠭᠳᠠᠵᠣ ᠂ 2006 ᠣᠨ ᠣ 2 ᠰᠠᠷ᠎ᠠ ᠳ᠋ᠣ ᠳᠦᠷᠪᠡᠨ  ᠣᠳᠠᠰᠣᠳᠣ ᠬᠣᠭᠣᠷ ᠣᠨ ᠨᠡᠶᠢᠭᠡᠮᠯᠢᠭ ᠣᠨ ᠬᠦᠭᠵᠢᠮ ᠣᠨ ᠠᠨᠭ᠍ᠬᠢ ᠪᠠᠨ ᠳᠠᠭᠠᠭᠣᠯᠣᠨ ᠂ ᠠᠨᠭ᠍ᠬᠠᠳᠣᠭᠠᠷ ᠣᠳᠠᠭ᠎ᠠ ᠦᠪᠦᠷ  ᠮᠣᠨᠭ᠍ᠭᠣᠯ ᠣᠨ ᠲᠸᠯᠸᠢᠰ ᠬᠣᠷᠢᠶᠠᠨ ᠣ ᠴᠠᠭᠠᠨ ᠰᠠᠷ᠎ᠠ ᠶᠢᠨ ᠦᠳᠡᠰᠢᠯᠡᠭᠡ ᠳ᠋ᠣ ᠣᠷᠣᠯᠴᠠᠭᠰᠠᠨ ᠪᠦᠭᠡᠳ ᠮᠦᠨ ᠵᠢᠯ ᠣᠨ  ᠲᠠᠪᠣᠨ ᠰᠠᠷ᠎ᠠ ᠳ᠋ᠣ ᠂ ᠪᠡᠭᠡᠵᠢᠨᠭ ᠳ᠋ᠣ ᠪᠣᠯᠣᠭᠰᠠᠨ ᠳᠡᠯᠡᠬᠡᠢ ᠶᠢᠨ ᠣᠳᠣ ᠦᠶ᠎ᠡ ᠶᠢᠨ ᠳᠠᠭᠣᠣ ᠬᠦᠭᠵᠢᠮ ᠣᠨ ᠨᠠᠶᠢᠷ ᠣᠨ  ᠲᠣᠰᠬᠠᠢ ᠲᠣᠭᠯᠠᠯᠳᠠ ᠳ᠋ᠣ ᠣᠷᠣᠯᠴᠠᠭᠰᠠᠨ ᠪᠠᠶᠢᠨ᠎ᠠ ᠃ 2006 ᠣᠨ ᠣ 10 ᠰᠠᠷ᠎ᠠ ᠳ᠋ᠣ《 ᠠᠨᠭ᠍ᠬᠠᠳᠣᠭᠠᠷ  ᠬᠣᠭᠣᠴᠠᠭᠠᠨ ᠣ ᠨᠠᠢᠮᠠᠨ ᠮᠣᠵᠢ ᠣᠷᠣᠨ ᠣ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠷᠠᠳᠢᠣ᠋ ᠲᠸᠯᠸᠢᠰ ᠣᠨ ᠱᠠᠨᠭ᠍ᠨᠠᠯᠳᠣ  ᠣᠷᠣᠯᠳᠣᠭᠠᠨ 》 ᠢ ᠠᠮᠵᠢᠯᠳᠠ  ᠲᠠᠢ ᠵᠣᠬᠢᠶᠠᠨ ᠪᠠᠶᠢᠭᠣᠯᠵᠣ ᠂《 ᠭᠠᠷᠮᠠᠭᠠᠢ ᠬᠣᠪᠢ ᠨᠡᠮᠡᠷᠢ ᠦᠵᠡᠭᠦᠯᠦᠭᠰᠡᠨ ᠱᠠᠨᠭ᠍ᠨᠠᠯ 》  ᠬᠦᠷᠳᠡᠪᠡ ᠃ 2007 ᠣᠨ ᠳ᠋ᠣ ᠸᠢᠶᠸᠨᠠ ᠶᠢᠨ ᠠᠯᠳᠠᠨ ᠣᠷᠳᠣᠨ ᠳ᠋ᠣ ᠪᠣᠯᠣᠭᠰᠠᠨ《 ᠳᠣᠮᠳᠠᠳᠣ ᠣᠯᠣᠰ ᠣᠨ ᠰᠢᠨ᠎ᠡ  ᠵᠢᠯ ᠣᠨ ᠳᠠᠭᠣᠣ ᠬᠦᠭᠵᠢᠮ ᠣᠨ ᠦᠳᠡᠰᠢᠯᠡᠭᠡ 》 ᠳ᠋ᠣ ᠣᠷᠣᠯᠴᠠᠵᠣ ᠂ 2008 ᠣᠨ 4 ᠰᠠᠷ᠎ᠠ ᠳ᠋ᠣ ᠲᠦᠪ ᠣᠨ ᠲᠸᠯᠸᠢᠰ  ᠬᠣᠷᠢᠶᠠᠨ ᠣ 《 ᠲᠠᠪᠣᠨ ᠲᠢᠪ ᠣᠨ ᠬᠠᠮᠳᠣ ᠣᠨ ᠪᠠᠶᠠᠰᠣᠯ 》ᠲᠣᠰᠬᠠᠢ ᠪᠣᠯᠣᠨᠭ᠍  ᠣᠨ ᠲᠣᠭᠯᠠᠯᠳᠠ ᠳ᠋ᠣ ᠣᠷᠣᠯᠴᠠᠭᠰᠠᠨ  ᠪᠠᠶᠢᠨ᠎ᠠ ᠁ ᠃

ᠰᠦᠨ ᠯᠢᠶᠠᠨᠭ᠍ ᠣᠨ ᠳᠦᠷᠪᠡᠨ ᠣᠳᠠᠰᠣᠳᠣ ᠬᠣᠭᠣᠷ ᠣᠨ ᠵᠠᠯᠭᠠᠮᠵᠢᠯᠠᠭᠴᠢ ︱ ᠪᠠᠶᠠᠨᠪᠣᠯᠠᠭ

18 01 02 03 04 05 06 07 08 09 010 011 012 013 014 015 016 017

ᠵᠢᠷᠤᠭ

21 22 1 2 3 4 6 7 8 9 10 11 12 13 14 15 16 17 18 19 20

VCD ᠪᠢᠴᠢᠯᠭᠡ ︱ ᠲᠠᠨᠢᠯᠴᠠᠭᠤᠯᠭ᠎ᠠ

VCD ᠪᠢᠴᠢᠯᠭᠡ ︱ ᠲᠠᠨᠢᠯᠴᠠᠭᠤᠯᠭ᠎ᠠ

ᠰᠢᠭᠦᠮᠵᠢ ᠦᠯᠡᠳᠡᠭᠡᠬᠦ