• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠦᠨ ᠯᠢᠶᠠᠨᠭ᠍ ︱ G ᠬᠦᠭ ᠣᠨ《 ᠨᠠᠢᠮᠠᠨ ᠠᠶᠠᠯᠭᠣ 》
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-09
  • ᠄   37
  • ᠄   0
  • ᠄   0
  • ᠄  0

《ᠰᠦᠨ ᠣᠪᠣᠭᠳᠣ ᠶᠢᠨ ᠨᠠᠢᠮᠠᠨ ᠠᠶᠠᠯᠭᠣ 》ᠰᠢᠵᠢᠷ ᠭᠡᠷᠡᠯ ᠢᠶᠠᠨ ᠰᠠᠴᠣᠷᠠᠭᠣᠯᠣᠨᠠᠮ

ᠰᠦᠨ ᠯᠢᠶᠠᠨᠭ᠍ ᠣᠨ ᠨᠠᠶᠢᠷᠠᠭᠣᠯᠵᠣ ᠵᠣᠬᠢᠶᠠᠭᠰᠠᠨ ᠳᠦᠷᠪᠡᠨ ᠣᠳᠠᠰᠣᠳᠣ ᠬᠣᠭᠣᠷ ᠣᠨ ᠠᠶ᠎ᠠ ᠪᠣᠯᠣᠨ ᠠᠷᠠᠳ ᠣᠨ ᠬᠦᠭᠵᠢᠮ ᠣᠨ ᠨᠠᠶᠢᠷᠠᠯ ᠳ᠋ᠣ ᠵᠣᠬᠢᠶᠠᠵᠣ ᠪᠦᠳᠦᠭᠡᠭᠰᠡᠨ ᠪᠦᠷᠢᠯᠳᠦᠬᠦᠨ ᠮᠠᠰᠢ ᠶᠡᠬᠡ ᠪᠠᠶᠢᠳᠠᠭ ᠃《ᠨᠠᠢᠮᠠᠨ ᠠᠶᠠᠯᠭᠣ 》 ᠪᠡᠷ ᠵᠢᠱᠢᠶᠡᠯᠡᠪᠡᠯ ᠄ ᠮᠣᠨᠭ᠍ᠭᠣᠯᠴᠣᠳ ᠣᠨ ᠳᠣᠮᠳᠠ ᠣᠯᠠᠮᠵᠢᠯᠡᠨ ᠳᠡᠯᠭᠡᠷᠡᠭᠰᠡᠨ《 ᠨᠠᠢᠮᠠᠨ ᠠᠶᠠᠯᠭᠣ 》ᠣᠣᠯ  ᠨᠢ ᠲᠠᠪᠣᠬᠠᠨ ᠬᠦᠭ  ᠲᠠᠢ ᠪᠠᠶᠢᠪᠠ ᠃ ᠰᠦᠨ ᠯᠢᠶᠠᠨᠭ᠍ ᠠᠷᠠᠳ ᠣᠨ ᠣᠷᠠᠯᠢᠭᠴᠢᠳ ᠣᠨ ᠬᠠᠶᠢᠯᠳᠠ ᠶᠢ ᠳᠠᠮᠵᠢᠭᠠᠳ ᠠᠭᠠᠵᠢᠮ ᠢᠶᠠᠷ 12 ᠬᠦᠭ  ᠲᠠᠢ ᠪᠣᠯᠣᠭᠰᠠᠨ ᠪᠠᠶᠢᠨ᠎ᠠ ᠃ ᠭᠡᠬᠦ ᠳ᠋ᠡᠭᠡᠨ ᠬᠦᠭ ᠪᠦᠷᠢ ᠶᠢᠨ《 ᠨᠠᠢᠮᠠᠨ ᠠᠶᠠᠯᠭᠣ 》  ᠨᠢ ᠪᠠᠰᠠ ᠣᠯᠠᠨ ᠵᠦᠢᠯ ᠣᠨ ᠠᠳᠠᠯᠢ ᠪᠣᠰᠣ ᠪᠠᠷᠢᠴᠠ ᠶᠢᠨ ᠬᠦᠭᠵᠢᠮᠳᠡᠬᠦ ᠣᠷ᠎ᠠ ᠳᠡᠮ  ᠲᠠᠢ ᠃ ᠡᠭᠦᠨ  ᠡᠴᠡ ᠰᠦᠨ ᠯᠢᠶᠠᠨᠭ᠍ ᠣᠨ ᠨᠠᠢᠮᠠᠨ ᠠᠶᠠᠯᠭᠣ  ᠨᠢ ᠶᠠᠳᠠᠬᠣ  ᠳᠠᠭᠠᠨ 30 ᠵᠦᠢᠯ ᠣᠨ ᠬᠣᠪᠢᠷᠠᠯᠳᠠ  ᠲᠠᠢ ᠭᠡᠳᠡᠭ ᠢ ᠮᠡᠳᠡᠵᠦ ᠪᠣᠯᠣᠨ᠎ᠠ ᠃ ᠡᠶᠢᠮᠦ  ᠡᠴᠡ ᠰᠦᠨ ᠯᠢᠶᠠᠨᠭ᠍ ᠣᠨ ᠬᠦᠭᠵᠢᠮᠳᠡᠭᠰᠡᠨ《 ᠨᠠᠢᠮᠠᠨ ᠠᠶᠠᠯᠭᠣ 》 ᠲᠣᠰ  ᠲᠠᠭᠠᠨ ᠨᠢᠭᠡᠨ ᠲᠣᠭᠳᠠᠯᠴᠠᠭ᠎ᠠ ᠪᠣᠯᠵᠣ ᠂ 《 ᠰᠦᠨ ᠣᠪᠣᠭᠳᠣ ᠶᠢᠨ ᠨᠠᠢᠮᠠᠨ ᠠᠶᠠᠯᠭᠣ 》 ᠭᠡᠭᠳᠡᠳᠡᠭ ᠪᠠᠶᠢᠨ᠎ᠠ ᠃《 ᠰᠦᠨ ᠣᠪᠣᠭᠳᠣ  ᠶᠢᠨ ᠨᠠᠢᠮᠠᠨ ᠠᠶᠠᠯᠭᠣ 》  ᠨᠢ ᠣᠳᠣ ᠮᠣᠨᠭ᠍ᠭᠣᠯ ᠦᠨᠳᠦᠰᠦᠳᠡᠨ  ᠣ ᠳᠦᠷᠪᠡᠨ ᠣᠳᠠᠰᠣᠳᠣ ᠬᠣᠭᠣᠷ ᠣᠨ ᠰᠣᠨᠭ᠍ᠭᠣᠳᠠᠭ ᠵᠢᠭᠠᠬᠣ ᠮᠠᠲ᠋ᠸᠷᠢᠶᠠᠯ ᠪᠣᠯᠵᠣ ᠪᠠᠶᠢᠭ᠎ᠠ ᠪᠦᠭᠡᠳ ᠮᠠᠨ ᠣ ᠣᠯᠣᠰ ᠣᠨ ᠴᠦᠬᠡᠨ ᠲᠣᠭᠠᠳᠣ ᠦᠨᠳᠦᠰᠦᠳᠡᠨ ᠣ ᠳᠠᠭᠣᠣ ᠬᠦᠭᠵᠢᠮ ᠳᠣᠮᠳᠠ ᠭᠠᠶᠢᠬᠠᠮᠰᠢᠭᠳᠣ ᠭᠡᠷᠡᠯ ᠭᠢᠯᠪᠠᠭ᠎ᠠ ᠪᠠᠨ ᠰᠠᠴᠣᠷᠠᠭᠣᠯᠵᠣ ᠪᠠᠶᠢᠭ᠎ᠠ ᠨᠠᠨᠳᠢᠨ ᠪᠦᠳᠦᠭᠡᠯ ᠃

G ᠬᠦᠭ ᠣᠨ《 ᠨᠠᠢᠮᠠᠨ ᠠᠶᠠᠯᠭᠣ 》

《 ᠨᠠᠢᠮᠠᠨ ᠠᠶᠠᠯᠭᠣ 》 ᠪᠣᠯ ᠮᠠᠨ ᠣ ᠣᠯᠣᠰ ᠣᠨ ᠴᠦᠬᠡᠨ ᠲᠣᠭᠠᠲᠣ ᠦᠨᠳᠦᠰᠦᠳᠡᠨ ᠣ ᠳᠠᠭᠣᠣ ᠬᠦᠭᠵᠢᠮ  ᠳᠡᠬᠢ ᠠᠯᠳᠠᠷᠳᠦ ᠠᠶ᠎ᠠ《 ᠨᠠᠢᠮᠠᠨ ᠴᠣᠬᠢᠯᠭ᠎ᠠ 》 ︵ ᠪᠠᠰᠠ ᠬᠠᠭᠣᠴᠢᠨ ᠵᠢᠷᠭᠣᠭᠠᠨ ᠴᠣᠬᠢᠯᠭ᠎ᠠ ᠭᠡᠳᠡᠭ ︶  ᠡᠴᠡ ᠢᠷᠡᠯᠳᠠᠢ ᠂ ᠦᠨᠢ ᠣᠳᠠᠭᠠᠨ ᠲᠡᠣᠬᠡ  ᠲᠠᠢ ᠂ ᠦᠷᠭᠡᠨ ᠶᠡᠬᠡ ᠲᠠᠷᠬᠠᠴᠠ  ᠲᠠᠢ ᠂ ᠣᠯᠠᠨ ᠵᠦᠢᠯ  ᠣᠨ ᠬᠣᠪᠢᠷᠠᠯ  ᠲᠠᠢ ᠂ ᠣᠯᠣᠰ  ᠣᠨ ᠳᠣᠳᠣᠷᠠᠬᠢ ᠡᠯ᠎ᠡ ᠭᠠᠵᠠᠷ  ᠣᠨ ᠂ ᠦᠨᠳᠦᠰᠦᠳᠡᠨ ᠣ ᠬᠦᠭᠵᠢᠮ ᠂ ᠰᠢ ᠵᠦᠴᠦᠭᠡ ᠂ ᠳᠠᠭᠣᠷᠢᠯᠢᠭ ᠪᠣᠯᠣᠨ ᠠᠷᠠᠳ ᠣᠨ ᠳᠠᠭᠣᠣ ᠪᠦᠵᠢᠭ ᠲᠣ ᠪᠠᠷᠣᠭ ᠪᠦᠷ ᠬᠠᠷᠠᠭᠳᠠᠳᠠᠭ ᠃

 

ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠨᠢᠭᠡᠨ ᠦᠶ᠎ᠡ ᠶᠢᠨ ᠬᠦᠨᠳᠦᠳᠦ ᠪᠠᠭᠰᠢ ︱ ᠰᠦᠨ ᠯᠢᠶᠠᠨᠭ᠍

default2015-12-04-56d8853b65-bb0a-487b-beda-a494af0a69f4

ᠵᠢᠷᠤᠭ

1 2 3 4 5 6 7 8 14 13 12 11 10 9 15 16 17 18

MP3 ᠪᠢᠴᠢᠯᠭᠡ ︱《 ᠨᠠᠢᠮᠠᠨ ᠠᠶᠠᠯᠭᠣ 》( ᠰᠦᠨ ᠯᠢᠶᠠᠨᠭ᠍ )

MP4 ᠪᠢᠴᠢᠯᠭᠡ ︱《 ᠨᠠᠢᠮᠠᠨ ᠠᠶᠠᠯᠭᠣ 》( ᠰᠦᠨ ᠯᠢᠶᠠᠨᠭ᠍ )

ᠰᠢᠭᠦᠮᠵᠢ ᠦᠯᠡᠳᠡᠭᠡᠬᠦ