• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦᠨ ᠯᠢᠶᠠᠨᠭ᠍ ︱ 《 ᠬᠠᠪᠣᠷ ᠣᠨ ᠬᠠᠷᠢᠶᠠᠴᠠᠢ 》
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 52 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-09
 • ᠄   34
 • ᠄   0
 • ᠄   0
 • ᠄  0

ᠠᠯᠳᠠᠷᠳᠣ ᠣᠷᠠᠯᠢᠭᠴᠢᠨ ᠣ ᠠᠣᠭ᠎ᠠ ᠠᠯᠳᠠᠷ ᠠᠭᠣᠳᠠᠮ ᠳᠠᠯ᠎ᠠ ᠳ᠋ᠣ ᠴᠣᠣᠷᠢᠶᠠᠳᠣᠨᠠᠮ

ᠰᠦᠨ ᠯᠢᠶᠠᠨᠭ᠍ ᠨᠢᠭᠡ ᠨᠠᠰᠣᠨ  ᠳᠠᠭᠠᠨ 400 ᠢᠯᠡᠭᠦᠣ ᠪᠠᠳᠠᠭ ᠳᠦᠷᠪᠡᠨ ᠣᠳᠠᠰᠣᠳᠣ ᠬᠣᠭᠣᠷ ᠣᠨ ᠠᠶ᠎ᠠ ᠪᠠ ᠠᠷᠠᠳ ᠣᠨ ᠬᠦᠭᠵᠢᠮ ᠣᠨ ᠠᠶ᠎ᠠ ᠵᠣᠬᠢᠶᠠᠨ ᠨᠠᠶᠢᠷᠠᠭᠣᠯᠣᠭᠰᠠᠨ ᠮᠦᠷᠳᠡᠭᠡᠨ ᠂ ᠲᠦᠪ ᠣᠨ ᠪᠠ ᠨᠠᠢᠮᠠᠨ ᠮᠣᠵᠢ ᠣᠷᠣᠨ ᠣ ᠷᠠᠳᠢᠣ᠋ ᠬᠣᠷᠢᠶ᠎ᠠ ᠰᠢᠨᠭᠭᠡᠭᠡᠨ ᠨᠡᠪᠳᠡᠷᠡᠭᠦᠯᠵᠦ ᠳᠦᠴᠢᠨ ᠵᠢᠯ ᠢᠯᠡᠭᠦᠣ ᠪᠣᠯᠵᠣ ᠪᠣᠢ ᠃ ᠨᠢᠭᠡᠨ ᠠᠷᠠᠳ ᠣᠨ ᠣᠷᠠᠯᠢᠭᠴᠢᠨ ᠣ ᠵᠣᠬᠢᠶᠠᠨ ᠨᠠᠶᠢᠷᠠᠭᠣᠯᠵᠣ ᠂ ᠬᠦᠭᠵᠢᠮᠳᠡᠭᠰᠡᠨ ᠳᠠᠭᠣᠣ ᠬᠦᠭᠵᠢᠮ ᠣᠨ ᠡᠨᠡ ᠮᠠᠳᠣ ᠲᠣᠭ᠎ᠠ ᠪᠡᠷ ᠣᠯᠠᠨ ᠂ ᠠᠯᠣᠰᠯᠠᠭᠰᠠᠨ ᠴᠠᠭ ᠣᠨ ᠣᠷᠳᠣ ᠂ ᠨᠦᠯᠦᠭᠡ ᠪᠡᠷ ᠦᠷᠭᠡᠨ  ᠨᠢ ᠦᠪᠦᠷ ᠮᠣᠨᠭ᠍ᠭᠣᠯ ᠂ ᠴᠢᠨᠠᠭᠰᠢᠳᠠ ᠳᠣᠮᠳᠠᠳᠣ ᠣᠯᠣᠰ ᠣᠨ ᠳᠠᠭᠣᠣ ᠬᠦ᠍ᠭ᠍ᠵᠢᠮ ᠣᠨ ᠲᠡᠣᠬᠡᠨ ᠳ᠋ᠣ ᠬᠣᠪᠣᠷ ᠬᠠᠷᠠᠭᠳᠠᠬᠣ ᠶᠣᠮ ᠃

ᠰᠦᠨ ᠯᠢᠶᠠᠨᠭ᠍ ᠦᠪᠡᠷ ᠣᠨ ᠳᠦᠷᠪᠡᠨ ᠣᠳᠠᠰᠣᠳᠣ ᠬᠣᠭᠣᠷ ᠬᠦᠭᠵᠢᠮᠳᠡᠬᠦ ᠣᠷ᠎ᠠ ᠮᠡᠷᠭᠡᠵᠢᠯ ᠢᠶᠠᠨ ᠦᠴᠦᠬᠡᠨ ᠴᠣ ᠬᠠᠷᠠᠮ ᠦᠭᠡᠢ ᠬᠣᠶᠢᠴᠢ ᠦᠶ᠎ᠡ ᠳ᠋ᠡᠭᠡᠨ ᠣᠯᠠᠮᠵᠢᠯᠠᠨ ᠦᠭᠭᠦᠭᠰᠡᠨ  ᠡᠴᠡ ᠂ ᠲᠡᠭᠦᠨ ᠣ ᠱᠠᠪᠢᠨᠠᠷ  ᠨᠢ ᠠᠯᠢ ᠡᠷᠳᠡ ᠮᠣᠨᠭ᠍ᠭᠣᠯ ᠦᠨᠳᠦᠰᠦᠳᠡᠨ ᠲᠦᠪᠯᠡᠷᠡᠨ ᠰᠠᠭᠣᠵᠣ ᠪᠠᠶᠢᠭ᠎ᠠ ᠭᠠᠵᠠᠷ ᠣᠷᠣᠨ ᠢᠶᠠᠷ ᠲᠦᠭᠡᠵᠣ ᠂ ᠲᠡᠭᠦᠨ ᠣ ᠡᠭᠦᠳᠣᠨ ᠪᠦᠳᠦᠭᠡᠭᠰᠡᠨ ᠮᠣᠨᠭ᠍ᠭᠣᠯ ᠳᠦᠷᠪᠡᠨ ᠣᠳᠠᠰᠣᠳᠣ ᠬᠣᠭᠣᠷ ᠬᠦᠭᠵᠢᠮᠳᠡᠬᠦ ᠣᠷ᠎ᠠ ᠮᠡᠷᠭᠡᠵᠢᠯ ᠪᠠ ᠬᠡᠪ ᠨᠠᠮᠪᠠ ᠂ ᠦᠶ᠎ᠡ ᠶᠢᠨ ᠦᠶ᠎ᠡ ᠵᠠᠯᠭᠠᠮᠵᠢᠯᠠᠭᠳᠠᠵᠣ ᠂ ᠣᠯᠠᠮᠵᠢᠯᠠᠯᠳᠣ ᠳᠦᠷᠪᠡᠨ ᠣᠳᠠᠰᠣᠳᠣ ᠬᠣᠭᠣᠷ ᠣᠨ ᠵᠢᠨᠭᠭᠢᠨᠢ ᠣᠷᠣᠰᠬᠠᠯ ᠪᠦᠯᠦᠭ ︱《 ᠰᠦᠨ ᠣᠪᠣᠭᠳᠣ ᠶᠢᠨ ᠣᠷᠣᠰᠬᠠᠯ ᠪᠦᠯᠦᠭ 》 ᠪᠣᠯᠣᠭᠰᠠᠨ ᠶᠣᠮ ᠃

ᠬᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ ᠣᠨ ᠬᠠᠮᠲᠣᠷᠠᠯ

《 ᠬᠦᠳᠡᠭᠡ ᠨᠣᠳᠣᠭ ᠣᠨ ᠰᠢᠨ᠎ᠡ ᠳᠦᠷᠰᠦ 》 ᠂ ᠣᠣᠯ ᠨᠡᠷ᠎ᠡ  ᠨᠢ《 ᠬᠠᠪᠣᠷ ᠣᠨ ᠬᠠᠷᠢᠶᠠᠴᠠᠢ 》 ᠂ ᠲᠠᠪᠢᠭᠠᠳ ᠣᠨ ᠣ ᠪᠦᠳᠦᠭᠡᠯ ᠃ ᠲᠣᠰ ᠪᠦᠳᠦᠭᠡᠯ ᠳᠦᠷᠪᠡᠨ ᠣᠳᠠᠰᠣᠳᠣ ᠬᠣᠭᠣᠷ ᠣᠨ ᠢᠰᠭᠡᠷᠭᠡ ᠠᠶ᠎ᠠ ᠵᠡᠷᠭᠡ ᠣᠨᠴᠣᠭᠣᠢ ᠣᠷ᠎ᠠ ᠮᠡᠷᠭᠡᠵᠢᠯ  ᠢᠶᠠᠷ ᠂ ᠣᠷᠢᠬᠠᠨ ᠬᠠᠪᠣᠷ ᠣᠨ ᠳᠣᠯᠠᠭᠠᠨ ᠳ᠋ᠣ ᠂ ᠣᠷᠠᠨ ᠬᠠᠷᠢᠶᠠᠴᠠᠢ ᠶᠢᠨ ᠴᠡᠴᠡᠭᠲᠦ ᠳᠠᠯ᠎ᠠ ᠶᠢᠨ ᠳᠡᠭᠡᠭᠦᠷ ᠂ ᠴᠡᠨᠭᠬᠡᠯᠳᠦᠨ ᠨᠢᠰᠴᠦ ᠪᠠᠶᠢᠭ᠎ᠠ ᠪᠠᠶᠢᠳᠠᠯ ᠢ ᠳᠦᠷᠰᠦᠯᠡᠬᠦ ᠪᠡᠷ ᠳᠠᠮᠵᠢᠭᠣᠯᠵᠣ ᠂ ᠳᠠᠯ᠎ᠠ ᠨᠣᠳᠣᠭ ᠣᠨ ᠠᠷᠠᠳ ᠲᠦᠮᠡᠨ ᠣ ᠲᠠᠭᠠᠳᠠᠢ ᠠᠮᠢᠳᠦᠷᠠᠯ ᠢ ᠬᠠᠷᠠᠭᠣᠯᠣᠭᠰᠠᠨ ᠪᠠᠶᠢᠨ᠎ᠠ ᠃

《 ᠬᠠᠪᠣᠷ ᠣᠨ ᠬᠠᠷᠢᠶᠠᠴᠠᠢ 》

ᠬᠦᠭᠵᠢᠮᠳᠡᠭᠴᠢ ᠄ ᠪᠠᠶᠠᠨᠪᠣᠯᠠᠭ ᠂ ᠲᠣᠭᠳᠠᠬᠣ

1991 ᠣᠨ ᠂ ᠠᠯᠳᠠᠷᠳᠣ ᠪᠠᠭᠰᠢ ᠰᠦᠨ ᠯᠢᠶᠠᠨᠭ᠍  ᠣᠨ 81 ᠨᠠᠰᠣᠨ ᠣ ᠦᠶ᠎ᠡ ᠳ᠋ᠣ ᠂ ᠳᠣᠮᠳᠠᠳᠣ ᠣᠯᠣᠰ ᠣᠨ ᠳᠠᠭᠣᠣ ᠬᠦ᠍ᠭ᠍ᠵᠢᠮᠴᠢᠳ ᠣᠨ ᠨᠡᠶᠢᠭᠡᠮᠯᠢᠭ ᠂ ᠳᠣᠮᠳᠠᠳᠣ ᠣᠯᠣᠰ ᠣᠨ ᠴᠦᠬᠡᠨ ᠲᠣᠭᠠᠳᠣ ᠦᠨᠳᠦᠰᠦᠳᠡᠨ ᠣ ᠳᠠᠭᠣᠣ ᠬᠦᠭᠵᠢᠮ ᠣᠨ ᠰᠣᠳᠣᠯᠣᠯ ᠣᠨ ᠬᠣᠷᠠᠯ ᠂ ᠦᠪᠦᠷ ᠮᠣᠨᠭ᠍ᠭᠣᠯ ᠣᠨ ᠳᠠᠭᠣᠣ ᠬᠦᠭᠵᠢᠮᠴᠢᠳ ᠣᠨ ᠨᠡᠶᠢᠭᠡᠮᠯᠢᠭ ᠂ ᠦᠪᠦᠷ ᠮᠣᠨᠭ᠍ᠭᠣᠯ ᠣᠨ ᠷᠠᠳᠢᠣ᠋ ᠲᠸᠯᠸᠢᠰ ᠬᠣᠷᠢᠶᠠᠨ ᠣ ᠣᠷᠠᠯᠢᠭ ᠣᠨ ᠪᠦᠯᠬᠦᠮ ᠂ ᠦᠪᠦᠷ ᠮᠣᠨᠭ᠍ᠭᠣᠯ ᠣᠨ ᠶᠡᠬᠡ ᠰᠣᠷᠭᠠᠭᠣᠯᠢ ᠶᠢᠨ ᠣᠷᠠᠯᠢᠭ ᠣᠨ ᠳᠡᠭᠡᠳᠣ ᠰᠣᠷᠭᠠᠭᠣᠯᠢ ᠵᠡᠷᠭᠡ ᠬᠠᠮᠢᠶ᠎ᠠ ᠪᠦᠬᠦᠢ ᠨᠢᠭᠡᠴᠡ ᠬᠠᠮᠳᠣᠷᠣᠨ《 ᠰᠦᠨ ᠯᠢᠶᠠᠨᠭ᠍ ᠣᠨ ᠳᠠᠭᠣᠣ ᠬᠦᠭᠵᠢᠮ ᠣᠨ ᠬᠠᠷᠭᠣᠢ ᠶᠢᠨ 70 ᠵᠢᠯ ᠣᠨ ᠣᠢ ᠶᠢ ᠪᠡᠯᠭᠡᠯᠡᠬ 》 ᠣᠯᠠᠨ ᠬᠦᠳᠡᠯᠭᠡᠭᠡᠨ ᠶᠠᠪᠣᠭᠣᠯᠣᠭᠰᠠᠨ ᠪᠠᠶᠢᠨ᠎ᠠ ᠃ ᠳᠦᠷᠪᠡᠨ ᠣᠳᠠᠰᠣᠳᠣ ᠬᠣᠭᠣᠷ ᠣᠨ ᠬᠦᠭᠵᠢᠮᠴᠢᠳ ᠣᠷᠣᠨ ᠣ ᠲᠦᠪ ᠬᠦᠬᠡᠬᠣᠳᠠ ᠳ᠋ᠣ ᠴᠣᠭᠯᠠᠷᠠᠵᠣ ᠂ ᠪᠡᠭᠡᠵᠢᠨᠭ ᠪᠣᠯᠣᠨ ᠣᠷᠣᠨ ᠣ ᠦᠨᠳᠦᠰᠦᠳᠡᠨ ᠣ ᠳᠠᠭᠣᠣ ᠬᠦᠭᠵᠢᠮ ᠣᠨ ᠣᠨᠣᠯᠴᠢ ᠂ ᠵᠢᠴᠢ ᠵᠠᠭᠣ ᠢᠯᠡᠭᠦᠣ ᠣᠷᠰᠺᠸᠲ᠋ᠢᠨ ᠪᠦᠯᠬᠦᠮ ᠣᠨ ᠬᠦᠭᠵᠢᠮᠴᠢᠨ  ᠲᠠᠢ ᠬᠠᠮᠳᠣ ᠂ ᠠᠨᠭ᠍ᠬᠠᠳᠣᠭᠠᠷ ᠣᠳᠠᠭᠠᠨ ᠣ ᠦᠪᠦᠷ ᠮᠣᠨᠭ᠍ᠭᠣᠯ ᠣᠨ《 ᠰᠦᠨ ᠯᠢᠶᠠᠨᠭ᠍ ᠣᠨ ᠳᠦᠷᠪᠡᠨ ᠣᠳᠠᠰᠣᠳᠣ ᠬᠣᠭᠣᠷ ᠬᠦᠭᠵᠢᠮᠳᠡᠬᠦ ᠣᠷᠠᠯᠢᠭ ᠣᠨ ᠰᠣᠳᠣᠯᠭᠠᠨ ᠣ ᠬᠣᠷᠠᠯ 》 ᠪᠠ《 ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠬᠦᠭᠵᠢᠮ ᠣᠨ ᠴᠣᠭᠯᠠᠭᠠᠨ 》 ᠢ ᠠᠮᠵᠢᠯᠳᠠ  ᠲᠠᠢ ᠪᠦᠭᠡᠳ ᠦᠪᠡᠳᠡᠭᠰᠢ ᠶᠡᠬᠡ ᠪᠡᠷ ᠶᠠᠪᠣᠭᠳᠠᠭᠣᠯᠣᠭᠰᠠᠨ ᠪᠠᠶᠢᠨ᠎ᠠ ᠃

《 ᠠᠷᠠᠳ ᠣᠨ ᠳᠠᠭᠣᠣ ᠬᠦᠭᠵᠢᠮ 》 ᠂《 ᠳᠠᠭᠣᠣ ᠬᠦᠭᠵᠢᠮ ᠰᠣᠳᠣᠯᠣᠯ 》 ᠵᠡᠷᠭᠡ ᠣᠯᠣᠰ ᠣᠨ ᠳᠡᠰ ᠣᠨ ᠳᠠᠭᠣᠣ ᠬᠦ᠍ᠭ᠍ᠵᠢᠮ ᠣᠨ ᠡᠷᠬᠡ ᠬᠦᠨᠳᠦᠳᠦ ᠰᠡᠳᠭᠦᠯ ᠳᠡᠭᠡᠷ᠎ᠡ ᠂ ᠰᠦᠨ ᠯᠢᠶᠠᠨᠭ᠍ ᠣᠨ ᠣᠷᠠᠯᠢᠭ ᠣᠨ ᠠᠮᠵᠢᠯᠳᠠ ᠪᠦᠳᠦᠭᠡᠯ ᠣᠨ ᠲᠣᠬᠠᠢ ᠡᠷᠳᠡᠮ ᠰᠢᠨᠵᠢᠯᠡᠭᠡᠨ ᠣᠨ ᠵᠣᠬᠢᠶᠠᠯ ᠣᠳ ᠢ ᠨᠡᠶᠢᠳᠡᠯᠡᠭᠦᠯᠪᠡ ︔ ᠦᠪᠦᠷ ᠮᠣᠨᠭ᠍ᠭᠣᠯ ᠣᠨ ᠡᠳᠦᠷ ᠰᠣᠨᠢᠨ ᠂ ᠦᠪᠦᠷ ᠮᠣᠨᠭ᠍ᠭᠣᠯ ᠣᠨ ᠷᠠᠳᠢᠣ᠋ ᠬᠣᠷᠢᠶ᠎ᠠ ᠂ ᠦᠪᠦᠷ ᠮᠣᠨᠭ᠍ᠭᠣᠯ ᠣᠨ ᠲᠸᠯᠸᠢᠰ ᠬᠣᠷᠢᠶ᠎ᠠ ᠵᠡᠷᠭᠡ ᠰᠣᠷᠳᠠᠯ ᠣᠬᠠᠭᠣᠯᠭ᠎ᠠ ᠶᠢᠨ ᠵᠠᠭᠣᠴᠢ  ᠡᠴᠡ ᠦᠨᠦ ᠣᠳᠠᠭᠠᠨ ᠬᠦᠳᠡᠯᠭᠡᠭᠡᠨ ᠢ ᠪᠦᠬᠦ ᠳᠠᠯ᠎ᠠ ᠪᠡᠷ ᠮᠡᠳᠡᠭᠡᠯᠡᠭᠰᠡᠨ ᠪᠠᠶᠢᠨ᠎ᠠ ᠃ ᠰᠦᠨ ᠯᠢᠶᠠᠨᠭ᠍《 ᠮᠣᠨᠭ᠍ᠭᠣᠯ ᠬᠠᠩᠭᠢᠨᠠᠮ᠎ᠠ ᠬᠦᠭ᠍ ᠣᠨ ᠳᠦᠷᠪᠡᠨ ᠣᠳᠠᠰᠣᠳᠣ ᠬᠣᠭᠣᠷ ᠣᠨ ᠬᠦᠭᠵᠢᠮᠴᠢᠨ 》᠂《 ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠨᠢᠭᠡᠨ ᠦᠶ᠎ᠡ ᠶᠢᠨ ᠬᠦᠨᠳᠦᠳᠦ ᠪᠠᠭᠰᠢ 》 ᠂《 ᠮᠣᠨᠭ᠍ᠭᠣᠯ ᠦᠨᠳᠦᠰᠦᠳᠡᠨ ᠣ ᠠᠷᠠᠳ ᠣᠨ ᠳᠠᠭᠣᠣ ᠬᠦ᠍ᠭ᠍ᠵᠢᠮ ᠣᠨ ᠠᠯᠳᠠᠷᠳᠣ ᠪᠠᠭᠰᠢ 》 ᠭᠡᠮᠡᠨ ᠬᠦᠨᠳᠦᠳᠭᠡᠭᠳᠡᠪᠡ ᠃

 

 

ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠨᠢᠭᠡᠨ ᠦᠶ᠎ᠡ ᠶᠢᠨ ᠬᠦᠨᠳᠦᠳᠦ ᠪᠠᠭᠰᠢ ︱ ᠰᠦᠨ ᠯᠢᠶᠠᠨᠭ᠍

default2015-12-04-56d8853b65-bb0a-487b-beda-a494af0a69f4

ᠵᠢᠷᠤᠭ

1 2 3 4 10 9 8 7 6 5 11 12 13 14 15 16 17 18

MP4 ᠪᠢᠴᠢᠯᠭᠡ ︱ ᠲᠠᠨᠢᠯᠴᠠᠭᠤᠯᠭ᠎ᠠ

MP4 ᠪᠢᠴᠢᠯᠭᠡ ︱《 ᠬᠠᠪᠣᠷ ᠣᠨ ᠬᠠᠷᠢᠶᠠᠴᠠᠢ 》( ᠪᠠᠶᠠᠨᠪᠤᠯᠠᠭ  ᠨᠠᠷ )

MP4 ᠪᠢᠴᠢᠯᠭᠡ ︱ ᠲᠠᠨᠢᠯᠴᠠᠭᠤᠯᠭ᠎ᠠ

MP3 ᠪᠢᠴᠢᠯᠭᠡ ︱《 ᠬᠠᠪᠣᠷ ᠣᠨ ᠬᠠᠷᠢᠶᠠᠴᠠᠢ 》( ᠪᠠᠶᠠᠨᠪᠤᠯᠠᠭ  ᠨᠠᠷ )

ᠰᠢᠭᠦᠮᠵᠢ ᠦᠯᠡᠳᠡᠭᠡᠬᠦ