• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠯᠳᠠᠨᠪᠠᠭᠠᠨ᠎ᠠ ︱ ᠲᠠᠨᠢᠯᠴᠠᠭᠤᠯᠭ᠎ᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   34
  • ᠄   0
  • ᠄   0
  • ᠄  0

ᠲᠠᠨᠢᠯᠴᠠᠭᠤᠯᠭ᠎ᠠ

ᠠᠯᠳᠠᠨᠪᠠᠭᠠᠨ᠎ᠠ ︵1944 ︱ ︶ ᠪᠣᠯ ᠬᠣᠷᠴᠢᠨ ᠵᠡᠭᠦᠨ ᠭᠠᠷᠣᠨ ᠳᠣᠮᠳᠠᠳᠣ ᠬᠣᠰᠢᠭᠣᠨ ᠣ ᠬᠦᠮᠦᠨ ᠶᠣᠮ ᠃  ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠬᠦᠭᠵᠢᠮᠴᠢᠨ ᠂ ᠣᠯᠣᠰ ᠣᠨ ᠬᠣᠶᠠᠳᠣᠭᠠᠷ ᠳᠡᠰ ᠣᠨ ᠲᠣᠭᠯᠠᠭᠴᠢ ᠃ ᠲᠡᠷᠡ  ᠬᠠᠷᠠᠬᠠᠨ ᠪᠠᠭ᠎ᠠ  ᠡᠴᠡ ᠪᠠᠨ ᠳᠦᠷᠪᠡᠨ ᠣᠳᠠᠰᠣᠳᠣ ᠬᠣᠭᠣᠷ ᠰᠣᠷᠴᠣ ᠂ 1960 ᠣᠨ ᠳ᠋ᠣ ᠦᠪᠦᠷ ᠮᠣᠨᠭ᠍ᠭᠣᠯ ᠣᠨ ᠷᠠᠳᠢᠣ᠋  ᠬᠣᠷᠢᠶᠠᠨ  ᠣ ᠣᠷᠠᠯᠢᠭ ᠣᠨ ᠪᠦᠯᠬᠦᠮ ᠳ᠋ᠣ ᠡᠯᠰᠡᠭᠳᠡᠨ ᠂ ᠶᠡᠬᠡ ᠪᠠᠭᠰᠢ ᠰᠦᠨ ᠯᠢᠶᠠᠨᠭ᠍ ᠣᠨ ᠳᠦᠷᠪᠡᠨ ᠣᠳᠠᠰᠣᠳᠣ  ᠬᠣᠭᠣᠷ ᠣᠨ ᠣᠷ᠎ᠠ ᠮᠡᠷᠭᠡᠵᠢᠯ ᠢ ᠰᠢᠰᠲ᠋ᠸᠮ  ᠲᠠᠢ ᠰᠣᠷᠣᠭᠰᠠᠨ ᠢᠶᠠᠷ ᠬᠦᠭᠵᠢᠮᠳᠡᠬᠦ ᠮᠡᠷᠭᠡᠵᠢᠯ  ᠨᠢ ᠨᠡᠨᠭ ᠦᠨᠳᠦᠷ ᠲᠦᠪᠰᠢᠨ  ᠳ᠋ᠣ ᠬᠦᠷᠴᠦ ᠂ ᠬᠣᠭᠣᠷ ᠣᠨ ᠳᠠᠭᠣᠨ ᠦᠨᠭᠭᠡ  ᠨᠢ ᠭᠣᠶᠣᠮᠰᠣᠭ ᠂ ᠨᠣᠮᠣ ᠳᠠᠳᠠᠯᠭ᠎ᠠ  ᠨᠢ ᠣᠷᠣᠰᠣᠮ᠎ᠠ ᠂ ᠬᠡᠪ ᠨᠠᠮᠪᠠ  ᠨᠢ  ᠴᠡᠪᠡᠷ ᠪᠣᠯᠵᠣ ᠂ ᠷᠠᠳᠢᠣ᠋ ᠳᠣᠯᠭᠢᠶᠠᠨ ᠢᠶᠠᠷ ᠬᠡᠳᠣᠨ ᠠᠷᠪᠠᠨ ᠠᠷᠠᠳ ᠣᠨ ᠬᠦᠭᠵᠢᠮ ᠣᠨ ᠠᠶ᠎ᠠ ᠪᠠᠨ ᠠᠷᠠᠳ ᠣᠯᠠᠨ  ᠳᠠᠭᠠᠨ  ᠡᠷᠭᠦᠨ ᠳᠡᠪᠰᠢᠭᠦᠯᠦᠭᠰᠡᠨ ᠪᠠᠶᠢᠨ᠎ᠠ ᠃ 1975 ᠣᠨ ᠳ᠋ᠣ ᠠᠵᠢᠯ ᠣᠨ ᠬᠡᠷᠡᠭᠴᠡᠭᠡ  ᠡᠴᠡ ᠪᠣᠯᠵᠣ ᠂ ᠲᠡᠷᠡ ᠦᠪᠦᠷ  ᠮᠣᠨᠭ᠍ᠭᠣᠯ ᠣᠨ ᠳᠠᠭᠣᠣ ᠬᠦᠭᠵᠢᠮ ᠣᠨ ᠪᠦᠯᠬᠦᠮ ᠳ᠋ᠣ ᠠᠵᠢᠯ ᠰᠢᠯᠵᠢᠭᠰᠡᠨ ᠶᠣᠮ ᠃     ᠠᠯᠳᠠᠨᠪᠠᠭᠠᠨ᠎ᠠ ᠶᠢᠨ ᠬᠠᠮᠣᠭ ᠶᠡᠬᠡ ᠭᠠᠪᠢᠶ᠎ᠠ ᠵᠢᠳᠭᠦᠯ  ᠨᠢ ᠭᠣᠣᠯᠳᠠᠭᠣ 《 ᠮᠣᠨᠭ᠍ᠭᠣᠯ ᠳᠦᠷᠪᠡᠨ ᠣᠳᠠᠰᠣᠳᠣ  ᠬᠣᠭᠣᠷ ᠣᠨ ᠬᠦᠭᠵᠢᠮᠴᠢᠨ ᠰᠦᠨ ᠯᠢᠶᠠᠨᠭ᠍ 》 ᠂《 ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠠᠶᠠᠰ ᠣᠨ ᠲᠡᠭᠦᠪᠦᠷᠢ  》 ᠬᠡᠮᠡᠬᠦ ᠬᠣᠶᠡᠷ ᠨᠣᠮ ᠢ ᠡᠮᠬᠢᠳᠭᠡᠨ ᠨᠠᠶᠢᠷᠠᠭᠣᠯᠵᠣ ᠬᠡᠪᠯᠡᠭᠦᠯᠦᠭᠰᠡᠨ ᠳ᠋ᠣ ᠪᠤᠢ ᠃ ᠡᠮᠦᠨᠡᠬᠢ  ᠨᠢ ᠰᠦᠨ ᠯᠢᠶᠠᠨᠭ᠍   ᠣᠨ  120 ᠬᠦᠭᠵᠢᠮ ᠣᠨ ᠠᠶ᠎ᠠ   ᠢ ᠪᠢᠴᠢᠨ ᠤᠷᠤᠭᠤᠯᠵᠦ ᠂ ᠬᠤᠶᠢᠨᠠᠭᠢ ᠲᠡᠭᠦᠪᠦᠷᠢ  ᠨᠢ ᠬᠠᠷᠢᠨ ᠳᠦᠷᠪᠡᠨ ᠣᠳᠠᠰᠣᠳᠣ  ᠬᠣᠭᠣᠷ ᠣᠨ ᠵᠢᠭᠠᠨ ᠰᠣᠷᠭᠠᠯᠳᠠ ᠪᠠ ᠰᠤᠳᠤᠯᠤᠨ ᠰᠢᠨᠵᠢᠡᠭᠦ ᠳ᠋ᠣ ᠬᠣᠪᠣᠷ ᠨᠠᠨᠳᠢᠨ ᠡᠬᠡ ᠮᠠᠲ᠋ᠸᠷᠢᠶᠠᠯ  ᠢ ᠬᠠᠨᠭ᠍ᠭᠠᠵᠣ  ᠦᠭᠭᠦᠭᠰᠡᠨ ᠲᠣᠰᠬᠠᠢ ᠳᠦᠷᠪᠡᠨ ᠣᠳᠠᠰᠣᠳᠣ ᠠᠶᠠᠰ ᠣᠨ ᠲᠡᠭᠦᠪᠦᠷᠢ ᠪᠣᠯᠬᠣ ᠶᠣᠮ ᠃

ᠰᠦᠨ ᠯᠢᠶᠠᠨᠭ᠍ ᠣᠨ ᠳᠣᠳᠣᠨᠣ ᠱᠠᠪᠢ ︱ ᠠᠯᠳᠠᠨᠪᠠᠭᠠᠨ᠎ᠠ

default2015-12-07-23418b555e-451c-43ba-8698-182b6a92a6d1 default2015-12-07-235563f42a-4978-48bb-a3c8-73527cef824e default2015-12-07-26a3344de2-8a62-41ad-a769-7e739ce79f8c

ᠵᠢᠷᠤᠭ

default2015-12-07-256d40f59c-cf67-4a05-a585-40ef12598042 default2015-12-07-268b938512-c8ee-483c-987f-5b135c5cff52 default2015-12-07-2306ef5be3-f91a-401b-88e1-3bced71e0ce4 default2015-12-07-2734fa8cc2-91f8-486b-8b6d-fc6392d41c19 default2015-12-07-23418b555e-451c-43ba-8698-182b6a92a6d1 default2015-12-07-24b77a6648-808a-48c6-98a3-914567309e79 default2015-12-07-26a3344de2-8a62-41ad-a769-7e739ce79f8c default2015-12-07-53ce656003-90e9-4b8a-a137-b3a356bbf5ab default2015-12-07-233ca6f1fe-e589-45ed-b1c9-9b2bbf9e0048 default2015-12-07-255af3a29e-01a5-4311-a7f3-a3c90e02f8c5

VCD ᠪᠢᠴᠢᠯᠭᠡ

ᠰᠢᠭᠦᠮᠵᠢ ᠦᠯᠡᠳᠡᠭᠡᠬᠦ