• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠵᠣᠣ ᠱᠣᠸᠠᠨᠭ᠍ ᠬᠣ ︱ 《ᠠᠳᠣᠭᠣᠴᠢᠨ ᠵᠠᠯᠠᠭᠣ 》
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   36
  • ᠄   0
  • ᠄   0
  • ᠄  0

《 ᠠᠳᠣᠭᠣᠴᠢᠨ ᠵᠠᠯᠠᠭᠣ 》

ᠵᠣᠣ ᠱᠣᠸᠠᠨᠭ᠍ ᠬᠣ ᠶᠢᠨ ᠨᠡᠷ᠎ᠡ ᠠᠯᠳᠠᠷᠰᠢᠭᠰᠠᠨ ᠪᠦᠳᠦᠭᠡᠯ ᠪᠣᠯ ᠂ 1963 ᠳ᠋ᠣ ᠡᠣ ᠶᠦᠨ ᠯᠦᠨᠭ ᠣᠨ《  ᠠᠳᠣᠭᠣᠴᠢᠨ ᠵᠠᠯᠠᠭᠣ 》ᠭᠡᠳᠡᠭ ᠭᠣᠴᠣᠯᠠᠯ ᠠᠶ᠎ᠠ ᠶᠢ ᠦᠭᠡᠷᠡᠴᠢᠯᠡᠨ ᠨᠠᠶᠢᠷᠠᠭᠣᠯᠣᠭᠰᠠᠨ ᠠᠳᠠᠯᠢ ᠨᠡᠷᠡᠳᠣ ᠬᠣᠭᠣᠷ  ᠱᠣᠳᠣᠷᠭᠣ ᠶᠢᠨ ᠬᠣᠣᠰᠯᠠᠯ ᠬᠦᠭᠵᠢᠮ ᠣᠨ ᠪᠦᠳᠦᠭᠡᠯ ᠪᠣᠯᠣᠨ᠎ᠠ ᠃

ᠦ᠋ ᠶᠦᠨ ᠯᠦᠨᠭ ᠵᠣᠬᠢᠶᠠᠵᠣ ᠂ ᠵᠣᠣ ᠱᠣᠸᠠᠨᠭ᠍ ᠬᠣ ᠦᠭᠡᠷᠡᠴᠢᠯᠡᠨ ᠨᠠᠶᠢᠷᠠᠭᠣᠯᠪᠠ ᠃

ᠲᠣᠰ ᠠᠶ᠎ᠠ  ᠨᠢ ᠦᠰᠦᠳ ᠦᠭᠡᠷ᠎ᠡ ᠣᠨᠴᠠᠯᠢᠭ  ᠲᠠᠢ ᠬᠣᠶᠠᠷ ᠬᠦᠭᠵᠢᠮ  ᠣᠨ ᠦᠴᠦᠬᠡᠨ ᠴᠣ ᠦ ᠰᠡᠪ ᠦᠭᠡᠢ  ᠣᠶᠠᠯᠳᠣᠯ ᠳ᠋ᠣ ᠨᠢᠭᠡᠳᠦᠯ   ᠢᠶᠠᠨ ᠣᠯᠵᠣ ᠂ ᠦᠷᠭᠡᠨ ᠣᠯᠠᠨ ᠰᠣᠨᠣᠰᠣᠭᠴᠢ ᠲᠦᠮᠡᠨ  ᠳᠡᠭᠡᠨ ᠡᠯᠢᠭᠡᠰᠡᠭ ᠳᠣᠳᠣᠨᠣ  ᠰᠠᠨᠠᠭᠳᠠᠭᠰᠠᠨ  ᠡᠴᠡ ᠂ ᠦᠨᠭᠭᠡᠷᠡᠭᠰᠡᠨ ᠵᠭᠣᠨ  ᠣ 60  80 ᠭᠠᠳ ᠣᠨ ᠣ ᠦᠶ᠎ᠡ ᠪᠡᠷ ᠂ ᠦᠪᠦᠷ ᠮᠣᠨᠭ᠍ᠭᠣᠯ   ᠣᠨ  ᠬᠦᠳᠡᠭᠡ ᠨᠣᠳᠣᠭ ᠪᠡᠷ ᠦᠪᠡᠳᠡᠭᠰᠢ ᠶᠡᠬᠡ ᠪᠡᠷ ᠳᠡᠯᠭᠡᠷᠡᠵᠣ ᠂ ᠡᠷᠦᠬᠡ ᠪᠦᠷᠢ ᠪᠠᠷᠣᠭ ᠯᠡ ᠪᠦᠷ ᠮᠡᠳᠡᠳᠡᠭ ᠶᠣᠮᠰᠠᠨ ᠃

ᠵᠣᠣ ᠱᠣᠸᠠᠨᠭ᠍ ᠬᠣ ᠪᠠᠭᠰᠢ ᠂ ᠳᠦᠴᠢ ᠭᠠᠷᠣᠢ ᠵᠢᠯ ᠣᠨ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠵᠢᠭᠠᠨ  ᠰᠣᠷᠭᠠᠬᠣ ᠶᠠᠪᠣᠴᠠ  ᠳᠠᠭᠠᠨ᠂ ᠳᠠᠰᠣᠷᠠᠯᠳᠠ ᠦᠭᠡᠢ ᠬᠠᠶᠢᠨ ᠰᠦᠪᠡᠭᠴᠢᠯᠡᠵᠤ ᠂ ᠳᠦᠷᠪᠡᠨ ᠣᠳᠠᠰᠣᠳᠣ ᠬᠣᠭᠣᠷ ᠣᠨ  ᠬᠦᠭᠵᠢᠮᠳᠡᠬᠦ ᠣᠷ᠎ᠠ ᠮᠡᠷᠭᠡᠵᠢᠯ ᠪᠠ ᠬᠣᠶᠠᠷ ᠣᠳᠠᠰᠣᠳᠣ ᠬᠣᠭᠣᠷ ᠣᠨ ᠬᠦᠭᠵᠢᠮᠳᠡᠬᠦ ᠣᠷ᠎ᠠ ᠮᠡᠷᠭᠡᠵᠢᠯ  ᠢ ᠠᠶᠠᠲᠠᠢ ᠰᠠᠶᠢᠨ  ᠵᠣᠬᠢᠴᠠᠭᠣᠯᠣᠭᠰᠠᠨ ᠪᠦᠭᠡᠳ ᠠᠰᠢᠭᠦᠢ ᠣᠯᠠᠨ ᠵᠠᠯᠠᠭᠣ ᠦᠶ᠎ᠡ ᠶᠢᠨ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ  ᠣᠷᠠᠯᠢᠭᠴᠢᠳ ᠢ ᠬᠦᠮᠦᠵᠢᠭᠦᠯᠦᠨ ᠭᠠᠷᠭᠠᠭᠰᠠᠨ ᠶᠣᠮ ᠃ ᠲᠠᠭᠦᠨ ᠣ ᠱᠠᠪᠢᠨᠠᠷ ᠣᠨ ᠨᠡᠯᠢᠶᠡᠳ  ᠨᠢ ᠣᠯᠣᠰ ᠣᠨ ᠪᠣᠶᠣ  ᠣᠷᠣᠨ ᠣ ᠳᠡᠰ ᠣᠨ ᠮᠡᠷᠭᠡᠵᠢᠯ ᠣᠨ ᠮᠦᠷᠦᠶᠢᠴᠡᠭᠡᠨ ᠳ᠋ᠣ ᠣᠳᠠᠭ᠎ᠠ ᠳᠠᠷᠠᠭ᠎ᠠ ᠲᠠᠷᠢᠭᠦᠨ ᠱᠠᠨᠭ᠍ ᠭᠦᠷᠳᠡᠭᠰᠡᠨ ᠮᠦᠷᠳᠡᠭᠡᠨ ᠂  ᠦᠷᠭᠦᠯᠵᠢ ᠪᠠᠰᠠ ᠠᠮᠸᠷᠢᠺᠠ ᠂ ᠶᠠᠫᠣᠨ ᠂ ᠰᠢᠨᠭᠭᠠᠫᠣᠷ ᠂ ᠠᠦ᠍ᠰᠲ᠋ᠷᠢ ᠵᠡᠷᠭᠡ ᠣᠯᠣᠰ ᠣᠷᠣᠨ ᠢᠶᠠᠷ ᠠᠶᠢᠯᠴᠢᠯᠡᠨ ᠲᠣᠭᠯᠠᠯᠳᠠ  ᠭᠠᠷᠭᠠᠳᠠᠭ ᠪᠠᠶᠢᠯ᠎ᠠ ᠃ ᠣᠨᠴᠣᠭᠣᠶᠢᠯᠡᠨ ᠳᠣᠷᠠᠳᠠᠭᠣᠰᠢᠲᠠᠢ  ᠨᠢ ᠂ ᠵᠣᠣ ᠱᠣᠸᠠᠨᠭ᠍ ᠬᠣ ᠪᠠᠭᠰᠢ ᠶᠢᠨ ᠭᠣᠷᠪᠠᠳᠣᠭᠠᠷ ᠱᠠᠪᠢ  ᠠᠭᠣᠯᠠ ᠂ ᠳᠦᠷᠪᠡᠳᠦᠭᠡᠷ ᠱᠠᠪᠢ ᠵᠣᠣ ᠴᠠᠨᠭ᠍ ᠹᠦ᠋ ᠂ ᠲᠠᠭᠦᠨ ᠣ ᠣᠷᠳᠣ ᠬᠣᠭᠣᠴᠠᠭᠠᠨ ᠣ ᠰᠢᠷᠭᠠᠭᠣ ᠬᠦᠮᠦᠵᠢᠭᠦᠯᠦᠯ ᠪᠠ  ᠨᠦᠯᠦᠭᠡᠯᠡᠯ ᠳᠣᠣᠷ᠎ᠠ ᠂ ᠣᠳᠣ ᠨᠢᠭᠡᠨᠳᠡ ᠮᠣᠨᠭ᠍ᠭᠣᠯ ᠳᠦᠷᠪᠡᠨ ᠣᠳᠠᠰᠣᠳᠣ ᠬᠣᠭᠣᠷ ᠣᠨ ᠬᠦᠭᠵᠢᠮᠴᠢᠨ ᠪᠣᠯᠵᠣ ᠪᠣᠶᠢᠵᠢᠭᠰᠠᠨ  ᠶᠣᠮ ᠃ ᠡᠭᠦᠨ  ᠡᠴᠡ ᠭᠠᠳᠠᠨ᠎ᠠ ᠂ ᠣᠶᠢᠷ᠎ᠠ ᠶᠢᠨ ᠵᠢᠯ  ᠡᠴᠡ ᠠᠯᠳᠠᠷ ᠴᠣᠯᠠ ᠪᠠᠨ ᠮᠠᠨᠳᠣᠭᠣᠯᠵᠣ ᠪᠠᠶᠢᠭ᠎ᠠ ᠵᠠᠯᠠᠭᠣ  ᠬᠦᠭᠵᠢᠮᠴᠢᠨ ᠰᠦᠶᠦᠭᠡ ᠂ ᠮᠦᠨ ᠴᠣ ᠵᠣᠣ ᠱᠣᠸᠠᠨᠭ᠍ ᠬᠣ ᠪᠠᠭᠰᠢ ᠶᠢᠨ ᠰᠢᠯᠢᠳᠡᠭ ᠱᠠᠪᠢ ᠪᠣᠯᠬᠣ ᠶᠣᠮ ᠃ ᠡᠶᠢᠨᠬᠦ ᠣᠴᠢᠷ ᠂  ᠵᠣᠣ ᠱᠣᠸᠠᠨᠭ᠍ ᠬᠣ ᠪᠠᠭᠰᠢ ᠣᠷᠢᠳ ᠬᠣᠵᠢᠳ ᠦᠪᠡᠷᠳᠡᠭᠡᠨ ᠵᠠᠰᠠᠬᠣ ᠣᠷᠣᠨ ᠣ ᠰᠣᠷᠭᠠᠨ ᠬᠦᠮᠦᠵᠢᠯ ᠣᠨ ᠦᠷ᠎ᠡ  ᠪᠦᠳᠦᠭᠡᠯ ᠣᠨ ᠰᠢᠯᠢᠳᠡᠭ ᠱᠠᠨᠭ᠍ᠨᠠᠯ ᠂ ᠳᠦᠷᠪᠡᠨ ᠣᠳᠠᠰᠣᠳᠣ ᠬᠣᠭᠣᠷ ᠣᠨ ᠵᠢᠭᠠᠨ ᠰᠣᠷᠭᠠᠬᠣ ᠦᠭᠡᠷᠡᠴᠢᠯᠡᠯᠳᠡ ᠶᠢᠨ  ᠬᠣᠶᠠᠳᠣᠭᠠᠷ ᠳᠡᠰ ᠣᠨ ᠱᠠᠨᠭ᠍ᠨᠠᠯ ᠂ ᠦᠪᠦᠷ ᠮᠣᠨᠭ᠍ᠭᠣᠯ ᠣᠨ ᠶᠡᠬᠡ ᠰᠣᠷᠭᠠᠭᠣᠯᠢ ᠶᠢᠨ ᠣᠷᠠᠯᠢᠭ ᠣᠨ ᠳᠡᠭᠡᠳᠤ ᠰᠣᠷᠭᠠᠭᠣᠯᠢ ᠶᠢᠨ  ᠰᠣᠷᠭᠠᠨ ᠬᠦᠮᠦᠵᠢᠯᠳᠡᠨ ᠢᠶᠠᠷ ᠳᠠᠷᠬᠠᠯᠠᠭᠳᠠᠵᠣ ᠂ ᠠᠨᠭ᠍ᠬᠠᠳᠣᠭᠠᠷ ᠬᠣᠭᠣᠴᠠᠭᠠᠨ ᠣ ᠨᠠᠢᠮᠠᠨ ᠮᠣᠵᠢ ᠣᠷᠣᠨ ᠣ ᠮᠣᠨᠭ᠍ᠭᠣᠯ  ᠳᠦᠷᠪᠡᠨ ᠣᠳᠠᠰᠣᠳᠣ ᠬᠣᠭᠣᠷ ᠣᠨ ᠣᠷᠣᠯᠳᠣᠭᠠᠨ ᠣ ᠳᠠᠷᠬᠠᠨ ᠠᠯᠳᠠᠷ ᠬᠦᠨᠳᠣ ᠶᠢᠨ ᠱᠠᠨᠭ᠍ᠨᠠᠯ ᠬᠦᠷᠳᠡᠭᠰᠡᠨ ᠪᠠᠶᠢᠨ᠎ᠠ ᠃

 

ᠣᠳᠣ ᠦᠶ᠎ᠡ ᠳᠦᠷᠪᠡᠨ ᠣᠳᠠᠰᠣᠳᠣ ᠬᠣᠭᠣᠷ ᠣᠨ ᠰᠣᠷᠭᠠᠨ ᠬᠦᠮᠦᠵᠢᠯ ᠣᠨ ᠰᠠᠭᠣᠷᠢᠯᠠᠭᠴᠢ ︱ ᠵᠣᠣ ᠱᠣᠸᠠᠨᠭ᠍ ᠬᠣ

default2015-12-07-303f1a9691-736d-47fb-aceb-310e4a835ae8 default2015-12-07-306ba479be-3ed5-4549-bc81-e2f1a681ef47 default2015-12-07-31453977c9-2e57-4709-a3f1-23412cab4e59 default2015-12-07-4114369d5c-1d86-42be-9aae-68ef163139b4

《 ᠠᠳᠣᠭᠣᠴᠢᠨ ᠵᠠᠯᠠᠭᠣ 》

VCD ᠪᠢᠴᠢᠯᠭᠡ

《 ᠠᠳᠣᠭᠣᠴᠢᠨ ᠵᠠᠯᠠᠭᠣ 》

ᠰᠢᠭᠦᠮᠵᠢ ᠦᠯᠡᠳᠡᠭᠡᠬᠦ