• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠡᠦ ᠶᠦᠨ ᠯᠥᠩ ︱ ︽ ᠠᠳᠤᠭᠤᠴᠢᠨ ᠵᠠᠯᠠᠭᠤ ︾
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 52 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   34
  • ᠄   0
  • ᠄   0
  • ᠄  0

︽ ᠠᠳᠤᠭᠤᠴᠢᠨ ᠵᠠᠯᠠᠭᠤ ︾

ᠲᠤᠰ ᠳᠥᠷᠪᠡᠨ ᠤᠲᠠᠰᠤᠲᠤ ᠬᠤᠭᠤᠷ ᠤᠨ ᠭᠣᠴᠣᠯᠠᠯ ᠠᠶ᠎ᠠ ᠪᠣᠯ ᠮᠡᠷᠭᠡᠵᠢᠯ ᠦᠨ ᠬᠤᠭᠤᠷ ᠤᠨ ᠶᠡᠬᠡ ᠪᠠᠭᠰᠢ ᠡᠦ ᠶᠦ᠍ᠨ ᠯᠥᠩ ᠭᠤᠸᠠᠢ ᠳᠡᠭᠡᠷ᠎ᠡ ᠵᠠᠭᠤᠨ ᠤ ᠵᠢᠷᠠᠭᠠᠳ ᠣᠨ ᠤ ᠡᠬᠢ ᠢᠶᠠᠷ ᠲᠣᠭᠣᠷᠪᠢᠭᠰᠡᠨ ᠶᠤᠮ ᠃ ᠲᠤᠰ ᠪᠦᠲᠦᠭᠡᠯ  ᠨᠢ ᠳᠥ᠍ᠷᠪᠡᠨ ᠤᠲᠠᠰᠤᠲᠤ ᠬᠤᠭᠤᠷ ᠤᠨ ᠤᠷᠠᠯᠢᠭ ᠤᠨ ᠲᠡᠦᠬᠡᠨ  ᠳᠡᠬᠢ ᠬᠠᠮᠤᠭ ᠠᠩᠬᠠᠨ ᠤ ᠲᠥᠯᠥᠭᠡᠯᠡᠬᠦ ᠴᠢᠨᠠᠷ  ᠲᠠᠢ ᠪᠥᠭᠡᠳ ᠮᠠᠰᠢ ᠪᠣᠯᠪᠠᠰᠤᠷᠠᠩᠭᠤᠢ ᠬᠡᠮᠵᠢᠶᠡᠨᠳ᠋ᠦ ᠬᠦᠷᠴᠦ ᠴᠢᠳᠠᠭᠰᠠᠨ ᠬᠠᠩᠭᠢᠨᠠᠮ᠎ᠠ ᠬᠤᠭᠤᠷ ᠤᠨ ᠭᠣᠴᠣᠯᠠᠯ ᠬᠥᠭᠵᠢᠮ ᠦᠨ ᠪᠦᠲᠦᠭᠡᠯ ᠪᠣᠯᠬᠤ ᠶᠤᠮ ᠃ ᠰᠡᠭᠦᠯᠡᠷ  ᠨᠢ ᠪᠠᠰᠠ ᠳᠥᠷᠪᠡᠨ ᠤᠲᠠᠰᠤᠲᠤ ᠬᠤᠭᠤᠷ ᠤᠨ ᠰᠤᠷᠭᠠᠨ ᠬᠦᠮᠦᠵᠢᠯᠲᠡᠨ ᠵᠤᠤ ᠱᠤᠸᠩ ᠬᠣ ᠪᠠᠭᠰᠢ ᠪᠣᠯᠣᠨ ᠱᠣᠳᠣᠷᠭᠣ ᠶᠢᠨ ᠰᠤᠷᠭᠠᠨ ᠬᠦᠮᠦᠵᠢᠯᠲᠡᠨ ᠬᠤᠷᠢᠶᠠᠭᠴᠢ ᠪᠠᠭᠰᠢ  ᠨᠠᠷ ︽ ᠠᠳᠤᠭᠤᠴᠢᠨ ᠵᠠᠯᠠᠭᠤ ︾ ᠬᠡᠮᠡᠬᠦ ᠠᠶ᠎ᠠ ᠢ ᠥᠭᠡᠷᠡᠴᠢᠯᠡᠨ ᠨᠠᠶᠢᠷᠠᠭᠤᠯᠵᠤ ᠂ ᠭᠣᠴᠣᠯᠠᠯ ᠬᠥᠭᠵᠢᠮ ᠣᠨ ᠪᠦᠲᠦᠭᠡᠯ ᠪᠠᠶᠢᠭᠰᠠᠨ ᠠᠴᠠ ᠬᠤᠭᠤᠷ ᠪᠠ ᠱᠣᠳᠣᠷᠭᠣ ᠶᠢᠨ ᠬᠣᠣᠰᠯᠠᠯ ᠬᠥᠭᠵᠢᠮ ᠦᠨ ᠪᠦᠲᠦᠭᠡᠯ ᠪᠣᠯᠭᠠᠨ ᠬᠥᠭᠵᠢᠮᠳᠡᠭᠡᠳ ᠥᠷᠭᠡᠨ ᠣᠯᠠᠨ ᠰᠣᠨᠣᠰᠤᠭᠴᠢᠳ ᠤᠨ ᠲᠠᠭᠠᠰᠢᠶᠠᠯ ᠢ ᠣᠯᠣᠭᠰᠠᠨ ᠶᠣᠮᠰᠠᠨ ᠃

ᠳᠦᠷᠪᠡᠨ ᠣᠳᠠᠰᠣᠳᠣ ᠬᠣᠭᠣᠷ ᠪᠠ ᠬᠤᠭᠤᠷ ᠱᠣᠳᠣᠷᠭᠣ ᠶᠢᠨ ᠬᠣᠣᠰᠯᠠᠯ ᠬᠥᠭᠵᠢᠮ ︽ ᠠᠳᠤᠭᠤᠴᠢᠨ ᠵᠠᠯᠠᠭᠤ ︾ ᠬᠡᠮᠡᠬᠦ ᠠᠶᠠᠰ ᠤᠨ ᠵᠠᠳᠠᠯᠤᠯᠲᠠ ᠄

ᠣᠷᠣᠰᠢᠯ ᠬᠡᠰᠡᠭ ᠲᠣ ᠂ ᠤᠷᠲᠤ ᠶᠢᠨ ᠳᠠᠭᠤᠤ ᠶᠢᠨ ᠠᠶ᠎ᠠ ᠪᠠᠷ ᠡᠬᠢᠯᠡᠭᠦᠯᠵᠦ ᠂ ᠲᠠᠯ᠎ᠠ ᠨᠤᠲᠤᠭ ᠤᠨ ᠲᠠᠩᠰᠤᠭ ᠠᠭᠣᠳᠠᠮ ᠢ ᠢᠯᠡᠳᠭᠡᠭᠰᠡᠨ ᠶᠣᠮ ᠃

ᠨᠢᠭᠡᠳᠦᠭᠡᠷ ᠬᠡᠰᠡᠭ ᠲᠣ ᠂ ᠡᠶᠡᠯᠰᠡᠭ ᠳᠣᠲᠣᠨᠣ ᠬᠥᠭ᠍ ᠠᠶᠠᠯᠭᠤ ᠪᠠ ᠡᠷᠴᠢᠮᠲᠦ ᠬᠥᠯᠥᠭ ᠦᠨ ᠠᠶᠢᠵᠠᠮ ᠴᠣᠬᠢᠯᠭ᠎ᠠ  ᠲᠠᠢ ᠂ ᠠᠳᠤᠭᠤᠴᠢᠨ ᠵᠠᠯᠠᠭᠤ ᠶᠢᠨ ᠠᠭᠲᠠ ᠶᠢᠨ ᠨᠢᠷᠤᠭᠤᠨ ᠳᠡᠭᠡᠷᠡᠬᠢ ᠴᠣᠭ ᠵᠢᠪᠬᠤᠭ᠎ᠠ ᠶᠢ ᠦᠵᠡᠭᠦᠯᠵᠡᠢ ᠃

ᠬᠣᠶᠠᠳᠤᠭᠠᠷ ᠬᠡᠰᠡᠭ ABA ᠭᠤᠷᠪᠠᠨ ᠪᠦᠯᠦᠭ ᠢᠶᠡᠷ ᠪᠦᠷᠢᠯᠳᠦᠪᠡ ᠃

A ᠬᠡᠰᠡᠭ  ᠨᠢ ᠂ ᠤᠳᠠᠭᠠᠪᠲᠤᠷ ᠂ ᠤᠶᠠᠩᠭᠠᠯᠢᠭ ᠴᠢᠨᠠᠷ  ᠲᠠᠢ ᠪᠥᠭᠡᠳ ᠬᠦᠦᠷᠨᠢᠯ ᠴᠢᠨᠠᠷ  ᠲᠠᠢ ᠂ ᠠᠯᠭᠤᠷ ᠠᠭᠠᠵᠢᠮ ᠠᠶᠢᠵᠠᠮ  ᠲᠠᠢ ᠃ ᠠᠳᠤᠭᠤᠴᠢᠨ ᠵᠠᠯᠠᠭᠤ  ᠶᠢᠨ ᠥᠰᠴᠦ ᠲᠥᠷᠥᠭᠰᠡᠨ ᠥᠯᠥᠭᠡᠢ ᠨᠤᠲᠤᠭ  ᠦᠨ ᠢᠶᠠᠨ ᠦᠷᠭᠡᠨ ᠠᠭᠤᠳᠠᠮ ᠪᠠ ᠠᠭᠤᠯᠠ ᠤᠰᠤ ᠪᠠᠨ ᠮᠠᠭᠲᠠᠨ ᠳᠠᠭᠤᠯᠠᠵᠤ ᠪᠠᠶᠢᠭ᠎ᠠ ᠰᠡᠳᠬᠢᠯᠭᠡ  ᠶᠢ ᠢᠯᠡᠳᠬᠡᠭᠰᠡᠨ ᠪᠢᠯᠡ ᠃

B ᠬᠡᠰᠡᠭ  ᠨᠢ ᠂ ᠱᠣᠳᠣᠷᠭᠣ ᠶᠢᠨ ᠤᠷ᠎ᠠ ᠮᠡᠷᠭᠡᠰᠢᠯ ᠢ ᠪᠦᠷᠢᠨ ᠭᠦᠢᠴᠡᠳ ᠢᠯᠡᠷᠡᠭᠦᠯᠵᠦ ᠂ ᠬᠥᠭᠵᠢᠮ ᠦᠨ ᠤᠷᠠᠯᠢᠭ ᠤᠨ ᠥᠨᠳᠥᠷ ᠣᠷᠭᠢᠯ  ᠳᠤ ᠬᠦᠷᠭᠡᠭᠰᠡᠨ ᠪᠠᠶᠢᠨ᠎ᠠ ᠃

A ᠬᠡᠰᠡᠭ  ᠨᠢ ᠳᠠᠬᠢᠨ ᠢᠯᠡᠷᠡᠬᠦ ᠄ ᠬᠤᠭᠤᠷ ︽ ᠨᠢᠰᠠᠯᠬᠤ ︾ ᠤᠷ᠎ᠠ ᠮᠡᠷᠭᠡᠰᠢᠯ ᠢ ᠬᠡᠷᠡᠭᠯᠡᠵᠦ ᠂ ᠠᠭᠲᠠ ᠬᠥᠯᠥᠭ ᠦᠨ ᠳᠠᠪᠬᠢᠯᠲᠠ ᠂ ᠢᠳᠡᠷᠡᠭᠦᠨ ᠳᠥᠷᠪᠡᠨ ᠲᠣᠭᠣᠷᠠᠢ  ᠶᠢᠨ ᠬᠦᠴᠦᠯᠢᠭ ᠢ ᠢᠯᠡᠳᠬᠡᠵᠦ ᠂ ᠣᠬᠣᠷ ᠠᠪᠰᠠᠷᠬᠠᠨ ᠪᠥᠭᠡᠳ ᠪᠦᠷᠢᠨ ᠪᠦᠲᠦᠨ ᠵᠢᠪᠬᠤᠭ᠎ᠠ ᠲᠡᠭᠦᠯᠳᠡᠷ ᠠᠶᠠᠰ  ᠢᠶᠠᠷ ᠪᠦᠬᠦ ᠪᠦᠳᠦᠭᠡᠯ ᠢ ᠲᠡᠭᠦᠰᠬᠡᠭᠰᠡᠨ ᠪᠢᠯᠡ ᠃

ᠤᠷᠲᠤ ᠬᠤᠭᠤᠴᠠᠭᠠᠨ ᠤ ᠣᠷᠠᠯᠢᠭ ᠤᠨ ᠦᠢᠯᠡᠳᠦᠯᠭᠡ ᠳᠤᠮᠳᠠ ᠂ ᠡᠤ ᠶᠥᠨ ᠯᠥᠩ ᠡᠩ ᠦᠨ ᠨᠢᠭᠡ ᠠᠷᠠᠳ ᠤᠨ ᠬᠥᠭᠵᠢᠮᠴᠢᠨ ᠪᠠᠶᠢᠭᠰᠠᠨ ᠠᠴᠠ  ᠪᠠᠨ ᠬᠣᠭᠣᠷᠴᠢᠨ ᠣ ᠡᠩᠨᠡᠭᠡᠨ ᠳ᠋ᠣ ᠬᠥᠭᠵᠢᠮ ᠵᠣᠬᠢᠶᠠᠭᠴᠢ ᠪᠣᠯᠣᠭᠰᠠᠨ ᠢᠶᠠᠷ ᠪᠠᠷᠠᠬᠤ ᠦᠭᠡᠢ ᠂ ᠣᠯᠠᠨ ᠠᠷᠪᠢᠨ ᠳᠥᠷᠪᠡᠨ ᠤᠲᠠᠰᠤᠲᠤ ᠬᠤᠭᠤᠷ ᠤᠨ ᠠᠶ᠎ᠠ ᠪᠣᠯᠣᠨ ᠠᠷᠠᠳ ᠤᠨ ᠬᠥᠭᠵᠢᠮ ᠦᠨ ᠨᠠᠶᠢᠷᠠᠯ ᠠᠶ᠎ᠠ ᠲᠤᠭᠤᠷᠪᠢᠨ ᠨᠠᠶᠢᠷᠠᠭᠤᠯᠤᠭᠰᠠᠨ ᠶᠤᠮ ᠃ ᠡᠭᠦᠨ ᠳᠦ ︽ ᠰᠠᠭᠠᠯᠢᠴᠢᠨ ︾ ᠂ ︽ ᠠᠳᠤᠭᠤᠴᠢᠨ ᠵᠠᠯᠠᠭᠤ ︾ ᠂ ︽ ᠵᠢᠷᠭᠠᠯ ᠤᠨ ᠵᠠᠮ ︾ ᠂ ︽ ᠲᠠᠯ᠎ᠠ ᠨᠤᠲᠤᠭ ᠲᠤ ᠬᠠᠪᠤᠷ ᠢᠷᠠᠯ᠎ᠠ ︾ ᠂ ︽ ᠪᠥᠬᠡᠴᠢᠨ ︾ ᠂ ︽ ᠲᠠᠯ᠎ᠠ ᠨᠤᠲᠤᠭ ᠤᠨ ᠮᠣᠷᠢᠲᠤ ᠴᠡᠷᠢᠭ ︾ ᠂ ︽ ᠤᠯᠠᠭᠠᠨ ᠳ᠋ᠧᠩᠯᠦ ᠡᠯᠭᠦᠭᠰᠡᠨ  ᠨᠢ ︾ ᠂ ︽ ᠬᠠᠰᠠᠭ ᠦᠨᠳᠦᠰᠦᠲᠡᠨ ᠦ ᠪᠥᠵᠢᠭ ᠦᠨ ᠠᠶ᠎ᠠ ︾ ᠂ ᠵᠢᠴᠢ ᠨᠠᠶᠢᠷᠠᠯ ᠬᠥᠭᠵᠢᠮ  ︽ ᠬᠣᠷᠴᠢᠨ ᠤ ᠡᠷᠭᠢᠯᠳᠦᠬᠦ ᠪᠥᠵᠢᠭ ᠦᠨ ᠠᠶ᠎ᠠ ︾ ᠂ ︽ ᠸᠠᠨ ᠨᠢᠶᠠᠨ ᠬᠤᠸᠠᠨ ︾ ᠂ ︽ ᠨᠠᠢᠮᠠᠨ ᠠᠶᠠᠯᠭᠤ ︾ ᠵᠡᠷᠭᠡ ᠪᠦᠲᠦᠭᠡᠯ ᠪᠤᠢ ᠃ ᠡᠳᠡᠭᠡᠷ  ᠨᠢ ᠠᠯᠢ ᠡᠷᠲᠡ  ᠮᠠᠨ ᠤ ᠤᠯᠤᠰ ᠤᠨ ᠳᠥᠷᠪᠡᠨ ᠤᠲᠠᠰᠤᠲᠤ ᠬᠤᠭᠤᠷ ᠤᠨ ᠤᠷᠠᠯᠢᠭ ᠤᠨ ᠡᠷᠳᠡᠨᠢ ᠶᠢᠨ ᠰᠠᠩ ᠳᠣᠲᠣᠷᠠᠬᠢ ᠴᠢᠬᠤᠯᠠ ᠰᠤᠷᠪᠤᠯᠵᠢ ᠪᠢᠴᠢᠭ ᠪᠣᠯᠣᠭᠰᠠᠨ ᠪᠥᠭᠡᠳ ᠵᠢᠭᠠᠨ ᠰᠤᠷᠭᠠᠬᠤ ᠪᠢᠴᠢᠭ ᠮᠠᠲ᠋ᠧᠷᠢᠶᠠᠯ ᠪᠣᠯᠣᠭᠰᠠᠨ ᠶᠣᠮ ᠃

 

ᠬᠠᠩᠭᠢᠨᠠᠮ᠎ᠠ ᠬᠦᠭ᠍ ᠣᠨ ᠳᠥᠷᠪᠡᠨ ᠤᠲᠠᠰᠤᠲᠤ ᠬᠤᠭᠤᠷ ᠤᠨ ᠶᠡᠬᠡ ᠪᠠᠭᠰᠢ ︱ ᠡᠦ ᠶᠦᠨ ᠯᠥᠩ

default2015-12-07-165b1cd358-287b-4bb9-84b3-309277ae630e

ᠵᠢᠷᠤᠭ

6 12 13 14 15 21 20 19 18 17 16 22 23 24 25 26 27 33 32 31 30 28 34 35 36 37 38 39 4 3 2 1 40 5 7 8 10 11

MP4 ᠪᠢᠴᠢᠯᠭᠡ ︱ ︽ ᠠᠳᠤᠭᠤᠴᠢᠨ ᠵᠠᠯᠠᠭᠤ ︾

MP4 ᠪᠢᠴᠢᠯᠭᠡ ︱ ᠲᠠᠨᠢᠯᠴᠠᠭᠤᠯᠭ᠎ᠠ

MP3 ᠪᠢᠴᠢᠯᠭᠡ ︱《 ᠠᠳᠣᠭᠣᠴᠢᠨ ᠵᠠᠯᠠᠭᠣ 》

ᠰᠢᠭᠦᠮᠵᠢ ᠦᠯᠡᠳᠡᠭᠡᠬᠦ