ᠨᠠᠶᠢᠷᠠᠭᠤᠯᠤᠭᠴᠢ ᠶᠢ ᠬᠡᠷᠡᠭᠯᠡᠬᠦ ᠲᠤᠬᠠᠢ

2017-06-30

ᠨᠠᠶᠢᠷᠠᠭᠤᠯᠤᠭᠴᠢ  ᠶᠢ ᠠᠰᠢᠭᠯᠠᠨ ᠰᠦᠯᠵᠢᠶᠡᠨ ᠳᠡᠭᠡᠷ᠎ᠡ ᠪᠢᠴᠢᠮᠡᠯ ᠮᠠᠲ᠋ᠧᠷᠢᠶᠠᠯ ᠂ ᠵᠢᠷᠤᠭᠲᠤ ᠳᠦᠷᠰᠦ ᠂ ᠹᠢᠯᠢᠮ ᠵᠡᠷᠭᠡ ᠶᠢ ᠨᠡᠶᠢᠲᠡᠯᠡᠵᠦ ᠪᠣᠯᠣᠨ᠎ᠠ ᠃ ᠳᠣᠣᠷ᠎ᠠ ᠨᠠᠶᠢᠷᠠᠭᠤᠯᠤᠭᠴᠢ ᠶᠢᠨ ᠴᠢᠳᠠᠮᠵᠢ ᠶᠢᠨ ᠲᠤᠬᠠᠢ ᠲᠠᠨᠢᠯᠴᠠᠭᠤᠯᠤᠶ᠎ᠠ ᠄

1. ᠪᠢᠴᠢᠮᠡᠯ ᠮᠠᠲ᠋ᠧᠷᠢᠶᠠᠯ ᠨᠠᠶᠢᠷᠠᠭᠤᠯᠬᠤ ᠄ ᠨᠠᠶᠢᠷᠠᠭᠤᠯᠤᠭᠴᠢ ᠶᠢᠨ ᠬᠡᠰᠡᠭ ᠲᠣ ᠳᠣᠶ᠋ᠢᠵᠤ ᠂ ᠠᠭᠤᠯᠭ᠎ᠠ ᠪᠠᠨ ᠪᠢᠴᠢᠨ᠎ᠡ ᠃ ᠡᠭᠦᠨ ᠡᠴᠡ ᠭᠠᠳᠠᠨ᠎ᠠ ᠦᠰᠦᠭ ᠦᠨ ᠶᠡᠭᠡ ᠪᠠᠭ᠎ᠠ ᠂ ᠥᠩᠭᠡ ᠂ ᠤᠯᠠᠭᠠᠨ ᠮᠥᠷ ᠂ ᠹᠠᠶᠢᠯ ᠤᠨ ᠶᠡᠬᠡ ᠪᠠᠭ᠎ᠠ ᠂ ᠂ ᠂ ᠂ ᠵᠡᠷᠭᠡ ᠶᠢ ᠵᠠᠰᠠᠵᠤ ᠴᠢᠮᠡᠭᠯᠡᠵᠦ ᠪᠣᠯᠣᠨ᠎ᠠ ᠃

ᠲᠣᠳᠣ ︵ B ︶ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ ᠪᠠᠭᠠᠵᠢ ᠶᠢᠨ ᠬᠡᠰᠡᠭ ᠲᠡᠬᠢ【 ᠲᠣᠳᠣ】 ᠶᠢ ᠳᠣᠶ᠋ᠢᠵᠤ ᠂ ᠦᠰᠦᠭ ᠢ ᠥᠷᠭᠡᠳᠬᠡᠵᠦ ᠂ ᠨᠡᠩ ᠲᠣᠳᠣ ᠪᠣᠯᠭᠠᠨ᠎ᠠ ᠃

ᠵᠢᠰᠢᠭᠦᠦ ︵ I ︶ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ ᠪᠠᠭᠠᠵᠢ ᠶᠢᠨ ᠬᠡᠰᠡᠭ ᠲᠡᠬᠢ【ᠵᠢᠰᠢᠭᠦᠦ】 ᠶᠢ ᠳᠣᠶ᠋ᠢᠵᠤ ᠦᠰᠦᠭ ᠢ ᠵᠢᠰᠢᠭᠦᠦ ᠬᠡᠯᠪᠡᠷᠢ  ᠲᠠᠢ ᠪᠣᠯᠭᠠᠨ᠎ᠠ ᠃

ᠳᠣᠣᠭᠤᠷ ᠵᠢᠷᠤᠭᠠᠰᠤ ︵ U ︶ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ ᠪᠠᠭᠠᠵᠢ ᠶᠢᠨ ᠬᠡᠰᠡᠭ ᠲᠡᠬᠢ【 ᠲᠣᠳᠣ】 ᠶᠢ ᠳᠣᠶ᠋ᠢᠨ᠎ᠠ ᠃ ᠭᠣᠣᠯᠳᠠᠯᠭ᠎ᠠ  ᠲᠠᠢ ᠦᠭᠡᠰ ᠢ ᠳᠣᠪᠣᠶᠢᠯᠭᠠᠬᠤ ᠳ᠋ᠥ ᠲᠤᠰ ᠴᠢᠳᠠᠮᠵᠢ ᠶᠢ ᠵᠠᠷᠤᠳᠠᠭ ᠃

ᠳᠤᠮᠳᠠᠭᠤᠷ ᠵᠢᠷᠤᠭᠠᠰᠤ ︵ S ︶ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ ᠪᠠᠭᠠᠵᠢ ᠶᠢᠨ ᠬᠡᠰᠡᠭ ᠲᠡᠬᠢ【 ᠳᠤᠮᠳᠠᠭᠤᠷ ᠵᠢᠷᠤᠭᠠᠰᠤ】 ᠶᠢ ᠳᠣᠶ᠋ᠢᠨ᠎ᠠ ᠃

ᠦᠰᠦᠭ ᠦᠨ ᠥᠩᠭᠡ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ 【ᠦᠰᠦᠭ ᠦᠨ ᠥᠩᠭᠡ】 ᠶᠢᠨ ᠬᠠᠵᠠᠭᠤᠳᠠᠭᠢ ᠭᠤᠷᠪᠠᠯᠵᠢᠨ ᠢ ᠳᠣᠶ᠋ᠢᠵᠤ ᠂ ᠦᠰᠦᠭ ᠦᠨ ᠥᠩᠭᠡ ᠪᠡᠨ ᠰᠣᠩᠭᠣᠨ᠎ᠠ ᠃

ᠠᠷᠤ ᠥᠩᠭᠡ ᠄ ᠦᠰᠦᠭ ᠢᠶᠡᠨ ᠰᠣᠩᠭᠣᠭᠰᠠᠨ ᠤ ᠳᠠᠷᠠᠭ᠎ᠠ ᠂ 【ᠠᠷᠤ ᠥᠩᠭᠡ】 ᠶᠢᠨ ᠬᠠᠵᠠᠭᠤᠳᠠᠭᠢ ᠭᠤᠷᠪᠠᠯᠵᠢᠨ ᠢ ᠳᠣᠶ᠋ᠢᠵᠤ ᠂ ᠠᠷᠤ ᠥᠩᠭᠡ ᠶᠢ ᠰᠣᠩᠭᠣᠨ᠎ᠠ ᠃

ᠵᠡᠭᠦᠨ ᠳ᠋ᠥ ᠵᠡᠷᠭᠡᠴᠡᠭᠦᠯᠬᠦ ᠄ ᠦᠰᠦᠭ ᠢ ᠮᠥᠷ ᠦᠨ ᠡᠬᠢᠨ ᠳ᠋ᠥ ᠵᠢᠭᠰᠠᠭᠠᠨ᠎ᠠ ᠭᠡᠪᠡᠯ ᠂ ᠦᠰᠦᠭ ᠢᠶᠡᠨ ᠰᠣᠩᠭᠣᠭᠰᠠᠨ ᠤ ᠳᠠᠷᠠᠭ᠎ᠠ【 ᠵᠡᠭᠦᠨ ᠳ᠋ᠥ ᠵᠡᠷᠭᠡᠴᠡᠭᠦᠯᠬᠦ】 ᠶᠢ ᠳᠣᠶ᠋ᠢᠨ᠎ᠠ ᠃

ᠲᠥᠪ ᠳ᠋ᠥ ᠵᠡᠷᠭᠡᠴᠡᠭᠦᠯᠬᠦ ᠄ ᠦᠰᠦᠭ ᠢ ᠮᠥᠷ ᠦᠨ ᠳᠤᠮᠳᠠ ᠳ᠋ᠥ ᠵᠢᠭᠰᠠᠭᠠᠨ᠎ᠠ ᠭᠡᠪᠡᠯ ᠂ ᠦᠰᠦᠭ ᠢᠶᠡᠨ ᠰᠣᠩᠭᠣᠭᠰᠠᠨ ᠤ ᠳᠠᠷᠠᠭ᠎ᠠ【 ᠲᠥᠪ ᠳ᠋ᠥ ᠵᠡᠷᠭᠡᠴᠡᠭᠦᠯᠬᠦ】 ᠶᠢ ᠳᠣᠶ᠋ᠢᠨ᠎ᠠ ᠃


ᠪᠠᠷᠠᠭᠤᠨᠰᠢ ᠵᠡᠷᠭᠡᠴᠡᠭᠦᠯᠬᠦ ᠄ ᠦᠰᠦᠭ ᠢ ᠮᠥᠷ ᠦᠨ ᠰᠡᠭᠦᠯ ᠳ᠋ᠥ ᠵᠢᠭᠰᠠᠭᠠᠨ᠎ᠠ ᠭᠡᠪᠡᠯ ᠂ ᠦᠰᠦᠭ ᠢᠶᠡᠨ ᠰᠣᠩᠭᠣᠭᠰᠠᠨ ᠤ ᠳᠠᠷᠠᠭ᠎ᠠ【 ᠪᠠᠷᠠᠭᠤᠨᠰᠢ ᠵᠡᠷᠭᠡᠴᠡᠭᠦᠯᠬᠦ】 ᠶᠢ ᠳᠣᠶ᠋ᠢᠨ᠎ᠠ ᠃


ᠲᠡᠭᠰᠢᠬᠡᠨ ᠄ ᠦᠰᠦᠭ ᠢ ᠮᠥᠷ ᠢ ᠪᠦᠷᠬᠦᠯᠡᠨ ︵ ᠮᠥᠷ ᠦᠨ ᠬᠣᠶᠠᠷ ᠲᠠᠯ᠎ᠠ ᠴᠣᠮ ᠵᠡᠷᠭᠡᠴᠡᠭᠦᠯᠬᠦ ︶ ᠵᠢᠭᠰᠠᠭᠠᠨ᠎ᠠ ᠭᠡᠪᠡᠯ ᠂ ᠦᠰᠦᠭ ᠢᠶᠡᠨ ᠰᠣᠩᠭᠣᠭᠰᠠᠨ ᠤ ᠳᠠᠷᠠᠭ᠎ᠠ【 ᠲᠡᠭᠰᠢᠬᠡᠨ】 ᠢ ᠰᠣᠩᠭᠣᠨ᠎ᠠ ᠃


ᠰᠤᠮᠤᠯᠠᠭᠰᠠᠨ ᠵᠢᠭᠰᠠᠭᠠᠯᠲᠠ ᠄ ᠰᠤᠮᠤᠯᠠᠭᠰᠠᠨ ᠵᠢᠭᠰᠠᠭᠠᠯᠲᠠ ᠭᠡᠳᠡᠭ  ᠨᠢ ᠮᠥᠷ ᠦᠨ ᠡᠬᠢᠨ ᠳ᠋ᠥ ᠲᠡᠮᠳᠡᠭ ᠨᠡᠮᠡᠬᠦ ᠶᠢ ᠵᠢᠭᠠᠵᠤ ᠪᠣᠢ ᠃ ᠦᠰᠦᠭ ᠢᠶᠡᠨ ᠰᠣᠩᠭᠣᠭᠰᠠᠨ ᠤ ᠳᠠᠷᠠᠭ᠎ᠠ【 ᠰᠤᠮᠤᠯᠠᠭᠰᠠᠨ ᠵᠢᠭᠰᠠᠭᠠᠯᠲᠠ】 ᠶᠢ ᠳᠣᠶ᠋ᠢᠨ᠎ᠠ᠃ ᠳᠠᠬᠢᠪᠠᠯ【 ᠰᠤᠮᠤᠯᠠᠭᠰᠠᠨ ᠵᠢᠭᠰᠠᠭᠠᠯᠲᠠ】 ᠶᠢᠨ ᠬᠠᠵᠠᠭᠤ ᠳᠠᠬᠢ ᠭᠤᠷᠪᠠᠯᠵᠢᠨ ᠢ ᠳᠣᠶ᠋ᠢᠵᠤ ᠂ ᠲᠡᠮᠳᠡᠭ ᠦᠨ ᠬᠡᠯᠪᠡᠷᠢ ᠳᠦᠷᠰᠦ ᠶᠢ ᠰᠣᠯᠢᠵᠤ ᠪᠣᠯᠣᠨ᠎ᠠ ᠃


ᠨᠣᠮᠧᠷᠯᠠᠭᠰᠠᠨ ᠵᠢᠭᠰᠠᠭᠠᠯᠲᠠ ᠄ ᠨᠣᠮᠧᠷᠯᠠᠭᠰᠠᠨ ᠵᠢᠭᠰᠠᠭᠠᠯᠲᠠ ᠭᠡᠳᠡᠭ  ᠨᠢ ᠮᠥᠷ ᠦᠨ ᠡᠬᠢᠨ ᠳ᠋ᠥ ᠳ᠋ᠤᠭᠠᠷ ᠬᠠᠳᠠᠬᠤ ᠶᠢ ᠵᠢᠭᠠᠵᠤ ᠪᠣᠢ ᠃ ᠦᠰᠦᠭ ᠢᠶᠡᠨ ᠰᠣᠩᠭᠣᠭᠰᠠᠨ ᠤ ᠳᠠᠷᠠᠭ᠎ᠠ【ᠨᠣᠮᠧᠷᠯᠠᠭᠰᠠᠨ ᠵᠢᠭᠰᠠᠭᠠᠯᠲᠠ】 ᠶᠢ ᠳᠣᠶ᠋ᠢᠨ᠎ᠠ ᠃ ᠳᠠᠬᠢᠪᠠᠯ【ᠨᠣᠮᠧᠷᠯᠠᠭᠰᠠᠨ ᠵᠢᠭᠰᠠᠭᠠᠯᠲᠠ】 ᠶᠢᠨ ᠬᠠᠵᠠᠭᠤ ᠳᠠᠬᠢ ᠭᠤᠷᠪᠠᠯᠵᠢᠨ ᠢ ᠳᠣᠶ᠋ᠢᠵᠤ ᠂ ᠲᠣᠭᠠᠨ ᠳ᠋ᠤᠭᠠᠷ ᠦᠨ ᠬᠡᠯᠪᠡᠷᠢ ᠳᠦᠷᠰᠦ ᠶᠢ ᠰᠣᠯᠢᠵᠤ ᠪᠣᠯᠣᠨ᠎ᠠ ᠃


ᠬᠢᠭᠰᠡᠨ ᠢᠶᠡᠨ ᠪᠤᠴᠠᠬᠤ ᠄ ᠪᠤᠷᠤᠭᠤ ᠬᠢᠭᠰᠡᠨ ᠢᠶᠠᠨ ᠪᠤᠴᠠᠬᠤ ᠭᠡᠪᠡᠯ ᠂【 ᠬᠢᠭᠰᠡᠨ ᠢᠶᠡᠨ ᠪᠤᠴᠠᠬᠤ】 ᠶᠢ ᠳᠣᠶ᠋ᠢᠵᠤ ᠡᠮᠦᠨᠡᠬᠢ ᠠᠯᠬᠤᠮ ᠳ᠋ᠥ ᠪᠡᠨ ᠪᠤᠴᠠᠵᠤ ᠪᠤᠯᠤᠨ᠎ᠠ ᠃



ᠳᠠᠬᠢᠵᠤ ᠬᠢᠬᠦ ᠄【 ᠬᠢᠭᠰᠡᠨ ᠢᠶᠡᠨ ᠪᠤᠴᠠᠭᠰᠠᠨ 】 ᠦ ᠳᠠᠷᠠᠭ᠎ᠠ【 ᠳᠠᠬᠢᠵᠤ ᠬᠢᠬᠦ】 ᠶᠢ ᠳᠣᠶ᠋ᠢᠪᠠᠯ ᠬᠣᠶᠢᠨᠠᠬᠢ ᠨᠢᠭᠡ ᠠᠯᠬᠤᠮ ᠳ᠋ᠥ ᠪᠡᠨ ᠪᠤᠴᠠᠴᠢᠬᠠᠨ᠎ᠠ ᠃

ᠬᠣᠯᠪᠣᠭᠠᠰᠤ ᠣᠷᠣᠭᠤᠯᠬᠤ \ ᠨᠠᠶᠢᠷᠠᠭᠤᠯᠬᠤ ᠄ ᠡᠬᠢ ᠰᠤᠷᠪᠤᠯᠵᠢ ᠳ᠋ᠥ ᠰᠦᠯᠵᠢᠶᠡᠨ ᠬᠠᠶᠠᠭ ᠣᠷᠣᠭᠤᠯᠬᠤ ᠶᠢ ᠵᠢᠭᠠᠵᠤ ᠪᠣᠢ ᠃ ᠬᠣᠯᠪᠣᠭᠠᠰᠤ ᠣᠷᠣᠭᠤᠯᠬᠤ ᠭᠡᠰᠡᠨ ᠦᠰᠦᠭ ᠢᠶᠡᠨ ᠰᠣᠩᠭᠣᠵᠤ ᠂【 ᠬᠣᠯᠪᠣᠭᠠᠰᠤ ᠣᠷᠣᠭᠤᠯᠬᠤ \ ᠨᠠᠶᠢᠷᠠᠭᠤᠯᠬᠤ】 ᠶᠢ ᠳᠣᠶ᠋ᠢᠵᠤ 【ᠰᠠᠶᠢᠲ ᠤᠨ ᠬᠠᠶᠠᠭ】 ᠳᠣᠲᠣᠷ᠎ᠠ ᠰᠦᠯᠵᠢᠶᠡᠨ ᠬᠠᠶᠠᠭ ᠢ ᠪᠢᠴᠢᠵᠦ ᠂【 ᠭᠠᠷᠴᠠᠭ】 ᠢ ᠲᠠᠭᠯᠠᠵᠤ【 ᠫᠠᠢ】 ᠶᠢ ᠰᠣᠩᠭᠣᠨ᠎ᠠ ᠃

【ᠭᠠᠷᠴᠠᠭ】 ᠳᠣᠲᠣᠷ᠎ᠠ ᠪᠢᠴᠢᠭᠰᠡᠨ ᠦᠰᠦᠭ  ᠨᠢ ᠲᠣᠳᠣᠷᠬᠠᠶᠢᠯᠠᠬᠤ ᠦᠢᠯᠡᠳᠦᠯ  ᠲᠠᠢ ᠃ ᠳᠠᠷᠤᠢ ᠬᠣᠯᠪᠣᠭᠠᠰᠤ ᠣᠷᠣᠭᠤᠯᠤᠭᠰᠠᠨ ᠦᠰᠦᠭ ᠳᠡᠭᠡᠷ᠎ᠡ ᠮᠠᠤᠽ ᠢᠶᠠᠨ ᠰᠢᠯᠵᠢᠭᠦᠯᠬᠦ ᠳ᠋ᠥ ᠢᠯᠡᠷᠡᠳᠡᠭ ᠃

【 ᠫᠠᠢ】 ᠳᠣᠲᠣᠷᠠᠬᠢ【 ᠶᠠᠭᠤ ᠴᠦ ᠦᠭᠡᠢ】 ᠰᠣᠩᠭᠣᠪᠠᠯ ᠂ ᠬᠣᠯᠪᠣᠭᠰᠠᠨ ᠰᠦᠯᠵᠢᠶ᠎ᠡ  ᠨᠢ ᠲᠤᠰ ᠰᠦᠯᠵᠢᠶᠡᠨ ᠬᠠᠭᠤᠳᠠᠰᠤᠨ ᠳ᠋ᠥ ᠢᠯᠡᠷᠡᠨ᠎ᠡ ᠃

【 ᠰᠢᠨ᠎ᠡ ᠴᠣᠩᠬᠣ】 ᠶᠢ ᠳᠣᠶ᠋ᠢᠪᠠᠯ ᠬᠣᠯᠪᠣᠭᠰᠠᠨ ᠰᠦᠯᠵᠢᠶ᠎ᠡ  ᠨᠢ ᠰᠢᠨ᠎ᠡ ᠨᠢᠭᠡ ᠰᠦᠯᠵᠢᠶᠡᠨ ᠴᠣᠩᠬᠣᠨ ᠳ᠋ᠥ ᠢᠯᠡᠷᠡᠨ᠎ᠡ ᠃

ᠦᠰᠦᠭ ᠦᠨ ᠲᠢᠭ ᠄ ᠨᠠᠶᠢᠷᠠᠭᠤᠯᠤᠭᠴᠢ ᠳᠠᠬᠢ ᠦᠰᠦᠭ ᠢᠶᠡᠨ ᠰᠣᠩᠭᠣᠵᠤ【 ᠦᠰᠦᠭ ᠦᠨ ᠲᠢᠭ 】 ᠤᠨ ᠬᠠᠵᠠᠭᠤ ᠳᠠᠬᠢ ᠭᠤᠷᠪᠠᠯᠵᠢᠨ ᠢ ᠳᠠᠷᠤᠵᠤ ᠂ ᠦᠰᠦᠭ ᠦᠨ ᠲᠢᠭ ᠢ ᠰᠣᠩᠭᠣᠨ᠎ᠠ ᠃

ᠦᠰᠦᠭ ᠦᠨ ᠶᠡᠬᠡ ᠪᠠᠭ᠎ᠠ ᠄ ᠨᠠᠶᠢᠷᠠᠭᠤᠯᠤᠭᠴᠢ ᠳᠠᠬᠢ ᠦᠰᠦᠭ ᠢᠶᠡᠨ ᠰᠣᠩᠭᠣᠵᠤ【 ᠦᠰᠦᠭ ᠦᠨ ᠶᠡᠬᠡ ᠪᠠᠭ᠎ᠠ 】 ᠤᠨ ᠬᠠᠵᠠᠭᠤ ᠳᠠᠬᠢ ᠭᠤᠷᠪᠠᠯᠵᠢᠨ ᠢ ᠳᠠᠷᠤᠵᠤ ᠂ ᠦᠰᠦᠭ ᠦᠨ ᠶᠡᠬᠡ ᠪᠠᠭ᠎ᠠ ᠶᠢ ᠢ ᠲᠣᠬᠢᠷᠠᠭᠤᠯᠤᠨ᠎ᠠ ᠃

ᠣᠨᠴᠠᠭᠠᠢ ᠲᠡᠮᠳᠡᠭ ᠄ ᠨᠠᠶᠢᠷᠠᠭᠤᠯᠤᠭᠴᠢ ᠳᠣᠲᠣᠷ᠎ᠠ ᠣᠨᠴᠠᠭᠠᠢ ᠲᠡᠮᠳᠡᠭ ᠣᠷᠣᠭᠤᠯᠬᠤ ᠶᠢ ᠵᠢᠭᠠᠵᠤ ᠪᠣᠢ ᠃

ᠡᠬᠢ ᠺᠣᠳ᠋ ᠄ ᠲᠤᠰ ᠨᠠᠶᠢᠷᠠᠭᠤᠯᠤᠭᠴᠢ ᠶᠢᠨ HTML ᠺᠣᠳ᠋ ᠢ ᠵᠢᠭᠠᠬᠤ ᠪᠣᠢ ᠃

ᠪᠢᠴᠢᠭ ᠨᠠᠭᠠᠬᠤ ᠄ ᠪᠤᠰᠤᠳ ᠭᠠᠵᠠᠷ ᠠᠴᠠ ᠪᠢᠴᠢᠭᠲᠦ ᠮᠠᠲ᠋ᠧᠷᠢᠶᠠᠯ ᠪᠠ ᠵᠢᠷᠤᠭᠲᠤ ᠮᠠᠲ᠋ᠧᠷᠢᠶᠠᠯ ᠢ ᠴᠥᠮ ᠬᠠᠭᠤᠯᠤᠭᠰᠠᠨ ᠦᠶ᠎ᠡ ᠳ᠋ᠥ ᠵᠥᠪᠬᠡᠨ ᠪᠢᠴᠢᠭᠲᠦ ᠮᠠᠲ᠋ᠧᠷᠢᠶᠠᠯ ᠢ  ᠨᠢ ᠨᠠᠶᠢᠷᠠᠭᠤᠯᠤᠭᠴᠢ ᠳ᠋ᠥ ᠨᠠᠭᠠᠬᠤ ᠶᠢ ᠵᠢᠭᠠᠵᠤ ᠪᠣᠢ ᠃

ᠣᠳᠣᠬᠢ ᠴᠠᠭ ᠮᠥᠴᠡ ᠄ ᠨᠠᠶᠢᠷᠠᠭᠤᠯᠤᠭᠴᠢ ᠳᠣᠲᠣᠷ᠎ᠠ ᠣᠳᠣᠬᠢ ᠴᠠᠭ ᠮᠥᠴᠡ ᠶᠢ ᠨᠡᠮᠡᠵᠦ ᠣᠷᠣᠭᠤᠯᠬᠤ ᠃

2. ᠬᠠᠳᠠᠭᠠᠯᠠᠬᠤ

【ᠨᠣᠣᠷᠠᠭ ᠬᠠᠳᠠᠭᠠᠯᠠᠬᠤ】 ᠄ ᠲᠤᠰ ᠨᠠᠶᠢᠷᠠᠭᠤᠯᠤᠭᠰᠠᠨ ᠡᠬᠢ ᠰᠤᠷᠪᠤᠯᠵᠢ ᠪᠠᠨ ᠬᠠᠳᠠᠭᠠᠯᠠᠬᠤ ᠶᠢ ᠵᠢᠭᠠᠵᠤ ᠪᠣᠢ ᠃

【ᠳᠡᠪᠰᠢᠭᠦᠯᠬᠦ】 ᠄ ᠲᠤᠰ ᠨᠠᠶᠢᠷᠠᠭᠤᠯᠤᠭᠰᠠᠨ ᠡᠬᠢ ᠰᠤᠷᠪᠤᠯᠵᠢ ᠪᠠᠨ ᠨᠡᠶᠢᠲᠡᠯᠡᠭᠰᠡᠨ ᠦ ᠳᠠᠷᠠᠭ᠎ᠠ ᠬᠢᠨᠠᠯᠲᠠ ᠳ᠋ᠥ ᠳᠡᠪᠰᠢᠭᠦᠯᠬᠦ ᠶᠢ ᠵᠢᠭᠠᠵᠤ ᠪᠣᠢ ᠃ ᠠᠩᠬᠠᠷᠤᠭᠤᠯᠬᠤ  ᠨᠢ ᠂ ᠬᠢᠨᠠᠯᠲᠠ ᠥᠩᠭᠡᠷᠡᠭᠰᠡᠨ ᠦ ᠳᠠᠷᠠᠭ᠎ᠠ ᠰᠤᠷᠪᠤᠯᠵᠢ ᠶᠢ ᠵᠠᠰᠠᠵᠤ ᠳᠡᠶᠢᠯᠬᠦ ᠦᠭᠡᠢ ᠪᠣᠯᠣᠨ᠎ᠠ ᠃